︽ᠬᠤᠵᠤᠤᠯ᠎ᠠ︾ᠲᠥᠰᠥᠯ ᠬᠡᠷᠡᠭᠵᠢᠭᠦᠯᠵᠦ ᠪᠠᠶᠢᠨ᠎ᠡ | News.MN

︽ᠬᠤᠵᠤᠤᠯ᠎ᠠ︾ᠲᠥᠰᠥᠯ ᠬᠡᠷᠡᠭᠵᠢᠭᠦᠯᠵᠦ ᠪᠠᠶᠢᠨ᠎ᠡ

ᠪᠤᠯᠠᠭᠠᠨ ᠠᠶᠢᠮᠠᠭ ᠤᠨ ᠪᠦᠷᠦᠭᠡᠬᠠᠩᠭᠠᠢ ᠰᠤᠮᠤᠨ ᠳᠤ ᠣᠢ ᠶᠢᠨ ᠰᠠᠩ ᠤᠨ ᠠᠰᠢᠭᠯᠠᠯᠲᠠ ᠶᠢ ᠰᠠᠶᠢᠵᠢᠷᠠᠭᠤᠯᠬᠤ ᠵᠣᠷᠢᠯᠭ᠎ᠠ ᠪᠠᠷ ᠬᠤᠵᠤᠤᠯ᠎ᠠ᠂ ᠤᠨᠠᠩᠭᠢ ᠴᠡᠪᠡᠷᠯᠡᠬᠦ ᠲᠥᠰᠥᠯ ᠢ ᠬᠡᠷᠡᠭᠵᠢᠭᠦᠯᠵᠦ ᠪᠠᠶᠢᠨ᠎ᠡ᠃ ᠤᠭ ᠲᠥᠰᠥᠯ ᠢ ᠠᠶᠢᠮᠠᠭ ᠤᠨ ᠵᠠᠰᠠᠭ ᠳᠠᠷᠤᠭ᠎ᠠ ᠳᠡᠮᠵᠢᠨ 15 ᠰᠠᠶ᠎ᠠ ᠲᠥᠭᠦᠷᠢᠭ ᠢᠶᠠᠷ ᠲᠥᠰᠥᠯ ᠢ ᠵᠣᠬᠢᠶᠠᠨ ᠪᠠᠶᠢᠭᠤᠯᠬᠤ ᠡᠷᠬᠡ ᠶᠢ ᠲᠤᠰ ᠰᠤᠮᠤᠨ ᠳᠤ ᠰᠢᠯᠵᠢᠭᠦᠯᠵᠡᠢ᠃ ᠰᠤᠮᠤ ᠳᠤᠮᠳᠠ ᠶᠢᠨ ᠣᠢ  ᠶᠢᠨ ᠠᠩᠭᠢ  ᠣᠢ  ᠶᠢᠨ ᠲᠠᠯᠠᠪᠠᠢ ᠲᠤᠰᠠᠭᠠᠷᠯᠠᠯᠲᠠ ᠶᠢ  ᠬᠢᠵᠤ᠂ ᠣᠢ  ᠶᠢᠨ ᠬᠤᠶᠠᠷ ᠨᠥᠬᠦᠷᠯᠡᠯ᠂ ᠮᠠᠯᠴᠢᠳ ᠤᠨ ᠬᠤᠶᠠᠷ ᠪᠦᠯᠦᠭ 96.6 ᠭᠠ ᠲᠠᠯᠠᠪᠠᠢ ᠶᠢᠨ ᠬᠤᠵᠤᠤᠯ᠎ᠠ ᠶᠢ  ᠲᠠᠭᠠᠷᠢᠵᠤ  ᠪᠠᠶᠢᠨ᠎ᠡ᠃

ᠲᠡᠳᠡ ᠣᠢ  ᠶᠢᠨ ᠰᠠᠩ ᠠᠴᠠ ᠮᠣᠳᠤ ᠣᠭᠲᠣᠯᠬᠤ ᠦᠭᠡᠢ ᠬᠤᠵᠤᠤᠯ᠎ᠠ ᠠᠰᠢᠭᠯᠠᠨ ᠲᠦᠯᠡᠭᠡ ᠪᠡᠯᠡᠳᠬᠡᠵᠦ᠂ ᠥᠪᠡᠷ ᠤᠨ ᠪᠣᠯᠤᠨ ᠪᠤᠰᠤᠳ ᠰᠤᠮᠤ ᠶᠢᠨ ᠢᠷᠭᠡᠳ ᠤᠨ ᠬᠡᠷᠡᠭᠴᠡᠭᠡᠨ ᠳᠤ ᠨᠡᠶᠢᠯᠡᠬᠦᠯᠬᠦ ᠶᠤᠮ ᠪᠠᠶᠢᠨ᠎ᠡ᠃

ᠰᠡᠳᠬᠢᠭᠳᠡᠯ ᠦᠯᠡᠳᠡᠭᠡᠬᠦ