ᠮᠣᠩᠭᠤᠯ ᠤᠯᠤᠰ ᠤᠨ ᠵᠠᠰᠠᠭ ᠤᠨ ᠭᠠᠵᠠᠷ ᠥᠨᠥᠳᠥᠷ ᠡᠭᠡᠯᠵᠢᠲᠦ ᠪᠤᠰᠤ ᠪᠠᠷ ᠬᠤᠷᠠᠯᠳᠤᠵᠤ᠂ ᠰᠠᠩ ᠤᠨ ᠰᠠᠶᠢᠳ ᠪ∙ᠵᠢᠪᠬᠤᠯᠠᠩ ᠡᠳ᠋ ᠤᠨ ᠵᠠᠰᠠᠭ ᠢᠶᠠᠨ ᠰᠡᠷᠭᠦᠭᠡᠬᠦ 10 ᠶᠡᠭᠡ ᠨᠠᠶᠤᠳ ᠤᠨ ᠴᠣᠭᠴᠠ ᠬᠥᠲᠥᠯᠪᠦᠷᠢ ᠶᠢᠨ ᠬᠡᠷᠡᠭᠵᠢᠯᠲᠡ ᠶᠢᠨ ᠲᠠᠯ᠎ᠠ ᠪᠠᠷ ᠲᠠᠨᠢᠯᠴᠠᠭᠤᠯᠤᠭᠰᠠᠨ ᠶᠤᠮ᠃ ᠲᠡᠷᠡ ᠪᠠᠷ᠄ ᠠᠵᠢᠯ ᠤᠨ ᠪᠠᠶᠢᠷᠢ ᠶᠢ ᠳᠡᠮᠵᠢᠬᠦ ᠵᠣᠷᠢᠯᠭ᠎ᠠ ᠲᠠᠢ ᠭᠤᠷᠪᠠᠨ ᠬᠤᠪᠢ ᠶᠢᠨ ᠬᠦᠦ ᠲᠠᠢ ᠵᠢᠭᠡᠯᠡ ᠳᠤ ᠨᠢᠭᠡ ᠶᠡᠭᠡ ᠨᠠᠶᠤᠳ ᠳᠣᠯᠤᠭᠠᠨ ᠵᠠᠭᠤᠨ ᠨᠢᠭᠡ ᠠᠷᠪᠠᠨ ᠤ ᠲᠠᠪᠤᠨ ᠲᠡᠷᠪᠤᠮ ᠲᠥᠭᠦᠷᠢᠭ ᠵᠠᠷᠤᠴᠠᠭᠤᠯᠵᠤ᠂ 22 ᠮᠢᠩᠭ᠎ᠠ ᠵᠢᠷᠭᠤᠭᠠᠨ ᠵᠠᠭᠤᠨ ᠵᠢᠷᠠᠨ ᠵᠢᠭᠡᠯᠡᠳᠦᠭᠴᠢ ᠤᠭ ᠵᠢᠭᠡᠯᠡ ᠳᠤ ᠬᠠᠮᠤᠷᠤᠭᠳᠠᠭᠰᠠᠨ ᠪᠠᠶᠢᠨ᠎ᠡ᠃ ᠤᠷᠤᠨ ᠰᠠᠭᠤᠴᠠᠨ ᠤ ᠵᠢᠭᠡᠯᠡ ᠳᠦ 512 ᠲᠡᠷᠪᠤᠮ ᠲᠥᠭᠦᠷᠢᠭ ᠤᠯᠭᠤᠵᠤ᠂ 6917 ᠡᠷᠦᠬᠡ ᠬᠠᠮᠤᠷᠤᠭᠳᠠᠭᠰᠠᠨ ᠪᠠᠶᠢᠨ᠎ᠡ᠃
ᠡᠬᠢᠨ ᠤ ᠤᠯᠠᠷᠢᠯ ᠳᠤ ᠮᠠᠨ ᠤ ᠤᠯᠤᠰ ᠤᠨ ᠡᠳ᠋ ᠤᠨ ᠵᠠᠰᠠᠭ 15 ᠬᠤᠪᠢ ᠪᠠᠷ ᠥᠰᠦᠯ᠎ᠡ᠃ 2019 ᠣᠨ ᠲᠠᠢ ᠬᠠᠷᠢᠴᠠᠭᠤᠯᠬᠤ ᠳᠤ ᠭᠤᠷᠪᠠᠨ ᠬᠤᠪᠢ ᠶᠢᠨ ᠥᠰᠦᠯᠲᠡ ᠲᠠᠢ ᠪᠠᠶᠢᠨ᠎ᠡ᠃ ᠭᠡᠪᠡᠴᠦ ᠪᠢᠳᠡᠨ ᠳᠤ ᠡᠷᠡᠰᠳᠡᠯ ᠪᠠᠶᠢᠭᠰᠠᠭᠠᠷ ᠪᠠᠶᠢᠨ᠎ᠡ᠃ ᠵᠠᠮ ᠤᠨ ᠡᠭᠦᠳᠡ ᠳᠤ ᠭᠠᠷᠤᠭᠰᠠᠨ ᠭᠠᠴᠢᠭᠠᠨ ᠤ ᠤᠯᠠᠮ ᠠᠴᠠ ᠨᠡᠭᠦᠷᠡᠰᠦ ᠲᠡᠭᠡᠭᠡᠪᠦᠷᠢ ᠶᠡᠬᠡᠭᠡᠬᠡᠨ ᠳᠣᠭᠤᠯᠳᠠᠭᠰᠠᠨ᠃ ᠡᠨᠡ ᠨᠢ ᠲᠥᠰᠦᠪ ᠤᠨ ᠣᠷᠣᠯᠭ᠎ᠠ ᠳᠤ ᠰᠥᠷᠭᠦ ᠪᠠᠷ ᠨᠥᠯᠥᠭᠡᠯᠡᠨ᠎ᠡ᠃ ᠰᠡᠭᠦᠯ ᠤᠨ ᠠᠷᠪᠠᠨ ᠰᠠᠷ᠎ᠠ ᠶᠢᠨ ᠲᠤᠷᠰᠢ ᠲᠥᠭᠦᠷᠢᠭ ᠤᠨ ᠬᠠᠩᠰᠢ ᠳ᠋ᠣᠯᠯᠠᠷ ᠤᠨ ᠡᠰᠡᠷᠭᠦ ᠮᠠᠰᠢ ᠲᠣᠭᠲᠠᠪᠤᠷᠢᠲᠠᠶ ᠪᠠᠶᠢᠨ᠎ᠡ᠃ ᠲᠡᠭᠡᠬᠦ ᠪᠠᠷ ᠬᠠᠩᠰᠢ ᠪᠠᠷ ᠳᠠᠮᠵᠢᠭᠤᠯᠤᠨ ᠮᠠᠨ ᠤ ᠢᠨᠹᠯᠶᠠᠼ ᠲᠤ ᠦᠵᠡᠭᠦᠯᠬᠦ ᠰᠥᠷᠭᠦ ᠨᠦᠯᠤᠬᠡ ᠪᠠᠶᠢᠬᠤ ᠦᠭᠡᠶ᠃ ᠬᠠᠷᠢᠨ ᠬᠢᠯᠢ ᠳᠡᠭᠡᠷ᠎ᠡ ᠠᠴᠢᠶ᠎ᠠ ᠲᠡᠭᠡᠭᠡᠪᠦᠷᠢ ᠶᠢᠨ ᠭᠠᠴᠢᠭᠠ ᠦᠨ᠎ᠡ ᠳᠤ ᠨᠥᠯᠥᠭᠡᠯᠡᠭᠰᠡᠨ ᠭᠡᠪᠡ᠃