ᠤ᠊·ᠬᠦᠷᠡᠯᠰᠦ᠋ᠬᠡ ᠮᠣᠩᠭᠤᠯ ᠤᠨ ᠴᠠᠬᠢᠯᠭᠠᠨ ᠮᠡᠳᠡᠭᠡ ᠡᠩᠧᠨ᠋ᠲᠯᠢᠭ᠋ ᠲᠤ ᠮᠡᠨᠳᠦᠴᠢᠯᠡᠭᠡ ᠳᠡᠪᠰᠢᠭᠦᠯᠪᠡ | News.MN

ᠤ᠊·ᠬᠦᠷᠡᠯᠰᠦ᠋ᠬᠡ ᠮᠣᠩᠭᠤᠯ ᠤᠨ ᠴᠠᠬᠢᠯᠭᠠᠨ ᠮᠡᠳᠡᠭᠡ ᠡᠩᠧᠨ᠋ᠲᠯᠢᠭ᠋ ᠲᠤ ᠮᠡᠨᠳᠦᠴᠢᠯᠡᠭᠡ ᠳᠡᠪᠰᠢᠭᠦᠯᠪᠡ

ᠮᠣᠩᠭᠣᠯ ᠤᠨ ᠦᠨᠳᠦᠰᠦᠨ ᠤ ᠮᠣᠩᠭᠤᠯ ᠤᠨ ᠴᠠᠬᠢᠯᠭᠠᠨ ᠮᠡᠳᠡᠭᠡ ᠡᠩᠧᠨ᠋ᠲᠯᠢᠭ᠋ ᠤᠨ 100 ᠵᠢᠯ ᠤᠨ ᠣᠢ ᠶᠢ ᠲᠣᠬᠢᠶᠠᠯᠳᠤᠭᠤᠯᠤᠨ ᠮᠣᠩᠭᠤᠯ ᠤᠯᠤᠰ ᠤᠨ ᠶᠡᠷᠦᠩᠬᠡᠶᠢᠯᠡᠭᠴᠢ ᠤ᠊ · ᠬᠦᠷᠡᠯᠰᠦ᠋ᠬᠡ ᠮᠡᠨᠳᠦᠴᠢᠯᠡᠭᠡ ᠳᠡᠪᠰᠢᠭᠦᠯᠦᠯ᠎ᠡ᠃
ᠦᠨᠳᠦᠰᠦᠨ ᠤ ᠮᠡᠳᠡᠭᠡᠯᠡᠯ ᠤᠨ ᠮᠣᠩᠭᠤᠯ ᠤᠨ ᠴᠠᠬᠢᠯᠭᠠᠨ ᠮᠡᠳᠡᠭᠡ ᠡᠩᠧᠨ᠋ᠲᠯᠢᠭ᠋ ᠤᠨ ᠬᠠᠮᠲᠤ ᠣᠯᠠᠨ ᠳᠤ᠄ ᠮᠣᠩᠭᠤᠯ ᠤᠯᠤᠰ ᠤᠨ ᠢᠶᠠᠨ ᠰᠢᠨ᠎ᠡ ᠦᠶ᠎ᠡ ᠶᠢᠨ ᠲᠡᠦᠬᠡ ᠶᠢᠨ ᠭᠠᠯ ᠭᠤᠯᠣᠮᠲᠠ ᠶᠢ ᠪᠠᠳᠠᠷᠠᠭᠠᠭᠰᠠᠨ ᠠᠷᠠᠳ ᠤᠨ ᠬᠤᠪᠢᠰᠬᠠᠯ ᠲᠠᠢ ᠨᠠᠰᠤ ᠴᠢᠴᠠᠤ ᠦᠨᠳᠦᠰᠦᠨ ᠤ ᠮᠡᠳᠡᠭᠡᠯᠡᠯ ᠤᠨ ᠮᠣᠩᠭᠤᠯ ᠤᠨ ᠴᠠᠬᠢᠯᠭᠠᠨ ᠮᠡᠳᠡᠭᠡ ᠡᠩᠧᠨ᠋ᠲᠯᠢᠭ᠋ ᠤᠨ ᠬᠠᠮᠲᠤ ᠣᠯᠠᠨ ᠳᠤ 100 ᠵᠢᠯ ᠤᠨ ᠬᠢᠨᠢ ᠣᠢ ᠶᠢ ᠲᠣᠬᠢᠶᠠᠯᠳᠤᠭᠤᠯᠤᠨ ᠪᠠᠶᠠᠷ ᠤᠨ ᠮᠡᠨᠳᠦᠴᠢᠯᠡᠭᠡ ᠳᠡᠪᠰᠢᠭᠦᠯᠦᠶ᠎ᠡ᠃
ᠲᠠ ᠪᠦᠬᠦᠨ ᠤ ᠡᠨᠡ ᠬᠦ ᠪᠡᠶᠡᠷ ᠮᠣᠩᠭᠤᠯᠴᠤᠳ ᠪᠢᠳᠡ ᠲᠥᠷᠥᠲᠦ ᠶᠣᠰᠣ᠂ ᠲᠡᠦᠬᠡᠨ ᠤᠯᠠᠮᠵᠢᠯᠠᠯ ᠤᠨ ᠢᠶᠠᠨ ᠶᠡᠭᠡ ᠣᠶ ᠨᠤᠭᠤᠳ ᠢ ᠶᠣᠰᠣᠯᠠᠯ ᠲᠡᠬᠦᠯᠳᠡᠷ ᠲᠡᠮᠳᠡᠭᠯᠡᠨ ᠥᠩᠭᠡᠷᠡᠭᠦᠯᠵᠦ᠂ ᠣᠷᠴᠢᠨ ᠴᠠᠭ ᠤᠨ ᠰᠢᠨ᠎ᠡ ᠮᠣᠩᠭᠤᠯ ᠤᠯᠤᠰ ᠢ ᠲᠤᠩᠬᠠᠭᠯᠠᠭᠰᠠᠨ ᠤ 100 ᠵᠢᠯ ᠤᠨ ᠣᠢ ᠲᠠᠢ ᠬᠠᠮᠲᠤ ᠡᠨᠡ ᠡᠳᠦᠷ ᠤᠳ ᠲᠤ ᠲᠣᠬᠢᠶᠠᠵᠤ ᠪᠤᠢ ᠶᠢ ᠲᠡᠮᠳᠡᠭᠯᠡᠨ ᠬᠡᠯᠡᠬᠦ ᠳᠤ ᠲᠠᠭᠠᠲᠠᠢ ᠪᠠᠶᠢᠨ᠎ᠡ᠃ ᠵᠠᠭᠤᠨ ᠵᠢᠯ ᠳᠤ ᠨᠢᠭᠡ ᠤᠯᠤᠰ ᠲᠤ ᠭᠠᠭᠴᠡᠬᠠᠠ ᠤᠳᠠᠭ᠎ᠠ ᠲᠣᠬᠢᠶᠠᠬᠤ  ᠡᠨᠡ ᠬᠦ ᠬᠤᠪᠣᠷᠬᠠᠨ ᠪᠣᠯᠣᠮᠵᠢ ᠶᠢ ᠪᠣᠳᠠᠲᠤ ᠦᠶᠯᠡ ᠬᠡᠷᠡᠭ ᠪᠣᠯᠭᠠᠨ ᠬᠡᠷᠡᠭᠵᠢᠭᠦᠯᠵᠦ᠂  ᠤᠯᠤᠰ ᠦᠨᠳᠦᠰᠦᠨ ᠤ ᠪᠠᠨ ᠭᠠᠶᠢᠬᠠᠮᠰᠢᠭᠲᠤ ᠲᠡᠦᠬᠡ ᠰᠤᠶᠦᠯ᠂ ᠤᠯᠠᠮᠵᠢᠯᠠᠯ᠂ ᠠᠷᠠᠳᠴᠢᠯᠠᠭᠰᠠᠨ ᠰᠢᠨ᠎ᠡ ᠮᠣᠩᠭᠤᠯ ᠣᠷᠣᠨ ᠤ ᠬᠥᠭᠵᠢᠯ ᠳᠠᠪᠰᠢᠯ ᠢ ᠳᠡᠯᠡᠬᠡᠢ ᠳ᠋ᠠᠬᠢᠨ ᠳᠤ  ᠲᠠᠨᠢᠭᠤᠯᠤᠨ ᠰᠤᠷᠲᠠᠯᠴᠢᠯᠠᠬᠤ ᠳᠤ  ᠲᠠᠨ ᠤ ᠪᠠᠶᠢᠭᠤᠯᠤᠯᠤᠭ᠎ᠠ ᠲᠥᠷᠦ ᠲᠦᠮᠡᠨ ᠤ ᠪᠠᠨ ᠨᠢᠭᠡᠨ ᠠᠳᠡᠯᠢ ᠠᠵᠢᠯ ᠬᠥᠳᠡᠯᠮᠦᠷᠢ᠂ ᠬᠢᠴᠢᠶᠡᠯ ᠵᠢᠳᠬᠦᠯ ᠢᠶᠠᠷ ᠢᠶᠠᠨ ᠪᠣᠳᠠᠲᠠᠢ ᠬᠤᠪᠢ ᠨᠡᠮᠡᠷᠢ ᠣᠷᠣᠭᠤᠯᠤᠭᠰᠠᠨ ᠢ ᠴᠣᠬᠤᠨ ᠲᠡᠮᠳᠡᠭᠯᠡᠵᠦ ᠬᠡᠯᠡᠶ᠎ᠡ᠃ ᠤᠯᠤᠰ ᠡᠬᠡ ᠣᠷᠣᠨ ᠬᠢᠭᠡᠳ ᠳᠡᠯᠡᠬᠡᠢ ᠳ᠋ᠠᠬᠢᠨ ᠳᠤ ᠪᠣᠯᠵᠤ ᠪᠤᠶ ᠦᠶᠯᠡ ᠶᠠᠪᠤᠳᠠᠯ ᠢ ᠦᠨᠡᠨ ᠪᠣᠳᠠᠲᠠᠢ᠂ ᠲᠦᠷᠭᠡᠠ ᠰᠢᠭᠤᠷᠬᠠᠶ ᠮᠡᠳᠡᠭᠡᠯᠡᠭᠡᠳ ᠵᠣᠭᠰᠣᠬᠤ ᠦᠭᠡᠢ ᠤᠯᠠ ᠰᠠᠭᠤᠷᠢ ᠲᠠᠢ ᠮᠡᠳᠡᠯᠭᠡ ᠲᠦᠭᠡᠭᠡᠨ ᠳᠡᠯᠭᠡᠷᠡᠭᠦᠯᠬᠦ ᠨᠢ  ᠲᠠᠨ ᠤ ᠪᠠᠶᠢᠭᠤᠯᠤᠯᠤᠭ᠎ᠠ᠂ ᠬᠠᠮᠲᠤ ᠶᠢᠨ ᠣᠯᠠᠨ ᠤ ᠲᠥᠷᠦ ᠵᠠᠰᠠᠭ᠂ ᠠᠷᠡᠦᠠ ᠲᠦᠮᠡᠨ ᠤ ᠪᠠᠨ ᠡᠮᠦᠨ᠎ᠡ ᠬᠦᠯᠢᠶᠡᠭᠰᠡᠨ ᠦᠡᠳᠦᠷ ᠨᠡᠷ᠎ᠡ ᠬᠦᠨᠳᠦ ᠲᠠᠢ ᠠᠷᠢᠭᠤᠨ ᠡᠭᠦᠷᠭᠡ ᠮᠦᠠ᠃
ᠦᠨᠳᠦᠰᠦᠨ ᠤ ᠮᠡᠳᠡᠭᠡᠯᠡᠯ ᠤᠨ ᠤᠤᠭᠠᠨ ᠪᠠᠶᠢᠭᠤᠯᠤᠯᠭ᠎ᠠ ᠶᠢᠨ ᠨᠢᠭᠡ ᠮᠣᠩᠭᠤᠯ ᠤᠨ ᠴᠠᠬᠢᠯᠭᠠᠨ ᠮᠡᠳᠡᠭᠡ ᠡᠩᠧᠨ᠋ᠲᠯᠢᠭ᠋ ᠤᠨ ᠰᠡᠳᠬᠦᠯᠴᠢ᠂ ᠤᠷᠠᠨ ᠪᠦᠲᠦᠭᠡᠯᠴᠢᠳ᠂ ᠲᠡᠳᠡᠨ ᠤ ᠡᠳᠦᠷ ᠲᠤᠲᠤᠮ ᠤᠨ ᠲᠦᠷᠭᠡᠠ ᠰᠢᠭᠤᠷᠬᠠᠢ ᠦᠶᠯᠡ ᠠᠵᠢᠯᠯᠠᠭᠠᠨ ᠳᠤ ᠪᠦᠬᠦ ᠲᠠᠯ᠎ᠠ ᠶᠢᠨ ᠳᠡᠮᠵᠢᠯᠭᠡ ᠲᠤᠰᠠᠯᠠᠯᠴᠠᠭ᠎ᠠ ᠦᠵᠡᠭᠦᠯᠵᠦ ᠪᠠᠶᠢᠳᠠᠭ ᠲᠧᠭᠨᠢᠭ ᠤᠨ ᠪᠤᠯᠦᠠ ᠪᠤᠰᠤᠳ ᠠᠵᠢᠯᠲᠠᠳ᠂ ᠠᠬᠠᠮᠡᠦᠠ ᠪᠤᠯᠦᠠ ᠵᠠᠯᠠᠭᠤ ᠦᠶ᠎ᠡ ᠶᠢᠨ ᠬᠢᠨ ᠲᠠ ᠪᠦᠬᠦᠨ ᠳᠤ 100 ᠵᠢᠯ ᠤᠨ  ᠣᠢ  ᠶᠢᠨ ᠡᠨᠡ ᠡᠳᠦᠷ ᠬᠥᠳᠡᠯᠮᠦᠷᠢ ᠪᠦᠲᠦᠭᠡᠯ ᠤᠨ ᠦᠡᠳᠦᠷ  ᠠᠮᠵᠢᠯᠲᠠ᠂ ᠡᠷᠡᠭᠦᠯ ᠡᠩᠬᠡ ᠰᠠᠶᠢᠨ ᠰᠡᠶᠢᠬᠠᠠ ᠪᠦᠬᠦᠨ ᠢ ᠬᠦᠰᠡᠨ ᠢᠷᠦᠭᠡᠶ᠎ᠡ᠃
ᠮᠣᠩᠭᠤᠯ ᠤᠯᠤᠰ ᠤᠨ ᠶᠡᠷᠦᠩᠬᠡᠶᠢᠯᠡᠭᠴᠢ ᠤᠬᠤᠨ᠎ᠠ ᠶᠢᠨ ᠬᠦᠷᠡᠯᠰᠦ᠋ᠬᠡ

ᠰᠡᠳᠬᠢᠭᠳᠡᠯ ᠦᠯᠡᠳᠡᠭᠡᠬᠦ