ᠨ᠊·ᠪᠠᠶᠢᠭᠠᠯᠢᠮ᠎ᠠ ᠪᠦᠭᠡᠯᠡᠬᠦ ᠳᠤ ᠪᠠᠨ ᠠᠮᠢ  ᠪᠠᠨ ᠠᠯᠳᠠᠵᠠᠢ | News.MN

 ᠨ᠊·ᠪᠠᠶᠢᠭᠠᠯᠢᠮ᠎ᠠ ᠪᠦᠭᠡᠯᠡᠬᠦ ᠳᠤ ᠪᠠᠨ ᠠᠮᠢ  ᠪᠠᠨ ᠠᠯᠳᠠᠵᠠᠢ

 

ᠡᠨᠡ ᠣᠨ ᠤ ᠲᠠᠪᠤᠳᠤᠭᠠᠷ ᠰᠠᠷ᠎ᠠ ᠶᠢᠨ 16 ᠤ ᠡᠳᠦᠷ ᠲᠡᠮᠡᠭᠡᠴᠢᠨ ᠪᠦᠰᠡᠭᠦᠢ ᠨ᠊ · ᠪᠠᠶᠢᠭᠠᠯᠢᠮ᠎ᠠ ᠨᠠᠯᠠᠶᠢᠬᠤ ᠳᠠᠬᠢ ᠰᠢᠨ᠎ᠡ ᠭᠡᠷ ᠤᠨ ᠪᠠᠭᠤᠷᠢᠨ ᠳᠡᠭᠡᠷ᠎ᠡ ᠪᠠᠨ ᠰᠢᠲᠠᠵᠤ ᠠᠮᠢ ᠨᠠᠰᠤ ᠪᠠᠨ ᠠᠯᠳᠠᠭᠰᠠᠨ ᠬᠠᠷᠠᠮᠰᠠᠯ ᠲᠠᠢ ᠬᠡᠷᠡᠭ ᠭᠠᠷᠤᠭᠰᠠᠨ ᠲᠤᠬᠠᠢ ᠪᠢᠳᠡ ᠬᠡᠷᠡᠭ ᠤᠨ ᠭᠠᠵᠠᠷ ᠳᠡᠭᠡᠷ᠎ᠡ ᠠᠴᠠ ᠮᠡᠳᠡᠭᠡᠯᠡᠵᠦ ᠪᠠᠶᠢᠭᠰᠠᠨ ᠪᠢᠯᠡ᠃ ᠲᠡᠭᠡᠪᠡᠯ ᠤᠭ ᠬᠡᠷᠡᠭ ᠶᠠᠪᠤᠳᠠᠯ ᠲᠠᠢ ᠬᠤᠯᠪᠤᠭᠳᠠᠭᠤᠯᠤᠨ ᠲᠠᠯᠢᠢᠭᠠᠴᠢ ᠶᠢᠨ ᠠᠷᠤ ᠭᠡᠷ ᠤᠨ ᠬᠢᠨ ᠭᠤᠮᠤᠳᠠᠯ ᠭᠠᠷᠭᠠᠵᠤ ᠬᠡᠷᠡᠭ ᠤᠨ ᠤᠴᠢᠷ ᠰᠢᠯᠲᠠᠭᠠᠨ ᠢ ᠲᠣᠭᠲᠠᠭᠠᠬᠤ ᠪᠠᠷ ᠨᠠᠯᠠᠶᠢᠬᠤ ᠲᠡᠭᠦᠷᠭᠡ ᠶᠢᠨ ᠴᠠᠭᠳᠠᠭ᠎ᠠ ᠶᠢᠨ ᠬᠡᠯᠲᠡᠰ ᠲᠤ ᠮᠡᠳᠡᠭᠳᠡᠵᠦ ᠬᠡᠷᠡᠭ ᠨᠡᠭᠡᠭᠡᠨ ᠰᠢᠯᠭᠠᠵᠤ ᠪᠠᠶᠢᠭᠰᠠᠨ ᠶᠤᠮ᠃  ᠡᠨᠡ ᠬᠦ ᠬᠡᠷᠡᠭ ᠲᠠᠢ ᠬᠤᠯᠪᠤᠭᠳᠠᠭᠤᠯᠤᠨ 10 ᠭᠠᠷᠦᠢ ᠬᠥᠮᠥᠨ ᠠᠴᠠ ᠮᠡᠳᠡᠭᠦᠯᠭᠡ ᠠᠪᠤᠭᠰᠠᠨ ᠪᠥᠭᠡᠳ ᠲᠠᠯᠢᠢᠭᠠᠴᠢ ᠶᠢ ᠨᠡᠰᠦ ᠪᠠᠷᠠᠳᠠᠭ ᠰᠥᠨᠢ  ᠡᠵᠢ ᠨᠢ ᠥᠪᠡᠷ ᠤᠨ ᠴᠠᠬᠢᠮ ᠬᠠᠭᠤᠳᠠᠰᠤ ᠳᠡᠭᠡᠷ᠎ᠡ ᠪᠠᠨ ᠄ ᠲᠠᠯᠢᠢᠭᠠᠴᠢ ᠶᠢᠨ ᠬᠠᠳᠠᠮ  ᠡᠬᠡ ᠪᠣᠯᠬᠤ ᠡ᠊ ·ᠴᠡᠷᠡᠨᠳᠤᠯᠭᠠᠷ ᠢ ᠪᠤᠷᠤᠭᠤ ᠲᠠᠢ ᠭᠡᠵᠦ ᠦᠵᠡᠵᠦ ᠪᠠᠶᠢᠭ᠎ᠠ ᠪᠠᠨ ᠬᠡᠯᠡᠵᠦ ᠪᠠᠶᠢᠭᠰᠠᠨ ᠪᠥᠭᠡᠳ ᠲᠡᠭᠦᠨ ᠢ ᠰᠢᠯᠭᠠᠬᠤ ᠬᠦᠰᠡᠯᠲᠡ ᠬᠦᠷᠳᠡᠯ᠎ᠠ ᠭᠠᠷᠭᠠᠵᠤ ᠪᠠᠶᠢᠭᠰᠠᠨ᠃  ᠡᠨᠡ ᠬᠦ ᠭᠤᠮᠣᠳᠠᠯ ᠤᠨ ᠳᠠᠭᠠᠤ ᠢᠷᠭᠡᠠ ᠡ᠊ · ᠴᠡᠷᠡᠨᠳᠤᠯᠭᠠᠷ  ᠢ ᠳᠠᠭᠤᠳᠠᠵᠤ ᠮᠡᠳᠡᠭᠦᠯᠭᠡ ᠠᠪᠴᠤ ᠪᠠᠶᠢᠭᠰᠠᠨ ᠤᠳᠠᠭ᠎ᠠ ᠲᠠᠢ᠃
ᠲᠡᠭᠡᠪᠡᠯ ᠰᠠᠶ᠋ᠢᠬᠠᠨ ᠲᠠᠯᠢᠢᠭᠠᠴᠢ ᠶᠢᠨ ᠰᠢᠭᠦᠬᠦ ᠡᠮᠨᠡᠯᠭᠡ ᠶᠢᠨ ᠳ᠋ᠦᠩᠨᠡᠯᠲᠡ ᠭᠠᠷᠤᠭᠰᠠᠨ ᠪᠠ ᠤᠭᠠᠷ ᠤᠨ ᠬᠡᠢ ᠠᠴᠠ ᠪᠣᠯᠵᠤ ᠨᠡᠰᠦ ᠪᠠᠷᠠᠭᠰᠠᠨ ᠭᠡᠵᠦ ᠲᠣᠭᠲᠠᠭᠠᠭᠰᠠᠨ ᠪᠠᠶᠢᠨ᠎ᠡ᠃ ᠲᠣᠳᠣᠷᠠᠭᠤᠯᠪᠠᠯ᠂ ᠬᠡᠷᠡᠭ ᠭᠠᠷᠳᠠᠭ ᠰᠥᠨᠢ ᠬᠡᠷᠡᠭ ᠤᠨ ᠭᠠᠵᠠᠷ ᠠᠴᠠ ᠵᠥᠪᠬᠡᠨ ᠪᠠᠢᠭᠠᠯᠢᠮ᠎ᠠ ᠶᠢᠨ ᠯᠡ ᠴᠣᠭᠴᠠᠰ ᠣᠯᠳᠠᠭᠰᠠᠨ᠃ ᠥᠭᠡᠷ᠎ᠡ ᠬᠦᠮᠦᠨ ᠤ ᠴᠣᠭᠴᠠᠰ ᠤᠬᠳᠦ ᠪᠠᠶᠢᠭ᠎ᠠ ᠦᠭᠡᠢ ᠭᠡᠵᠡᠢ᠃ ᠮᠦᠠ ᠲᠠᠯᠢᠢᠭᠠᠴᠢ ᠶᠢᠨ ᠬᠥᠷᠰᠢ ᠨᠤᠭᠦᠳ ᠤᠨ ᠮᠡᠳᠡᠭᠡᠯᠡᠭᠰᠡᠨ ᠢᠶᠠᠷ᠄ ᠭᠠᠯ ᠭᠠᠷᠤᠭᠰᠠᠨ ᠢ ᠮᠡᠳᠡᠭᠡ ᠦᠭᠡᠶ᠂ ᠥᠷᠯᠥᠭᠡ ᠨᠢ ᠬᠠᠷᠠᠬᠤ ᠳᠤ ᠯᠡ ᠰᠢᠲᠠᠴᠢᠬᠠᠭᠰᠠᠨ ᠪᠠᠶᠢᠭᠰᠠᠨ ᠭᠡᠵᠦ ᠪᠠᠶᠢᠭᠰᠠᠨ ᠪᠣᠯ ᠵᠠᠷᠢᠮ ᠨᠢ ᠄ ᠰᠥᠨᠢ 00:00 ᠴᠠᠭ ᠤᠨ ᠣᠷᠴᠢᠮ ᠳᠤ ᠪᠥᠭᠡᠯᠡᠵᠦ ᠪᠤᠶ ᠪᠤᠶ ᠴᠢᠮᠡᠭᠡ ᠭᠠᠷᠴᠤ ᠪᠠᠶᠢᠭᠰᠠᠨ ᠭᠡᠵᠦ ᠮᠡᠳᠡᠭᠦᠯᠦᠭᠰᠡᠨ ᠢᠶᠠᠷ ᠡᠷᠡᠭᠦᠦ ᠶᠢᠨ ᠴᠠᠭᠳᠠᠭ᠎ᠠ ᠶᠢᠨ ᠭᠠᠵᠠᠷ᠂ ᠨᠡᠶᠢᠰᠯᠡᠯ ᠤᠨ ᠴᠠᠭᠳᠠᠭ᠎ᠠ ᠶᠢᠨ ᠭᠠᠵᠠᠷ ᠤᠨ ᠣᠨᠴᠠ ᠬᠦᠨᠳᠦ ᠭᠡᠮᠲᠦ ᠬᠡᠷᠡᠭ ᠲᠠᠢ ᠲᠡᠮᠡᠴᠡᠬᠦ ᠭᠠᠵᠠᠷ᠂ ᠨᠠᠯᠠᠶᠢᠬᠤ ᠲᠡᠭᠦᠷᠭᠡ ᠶᠢᠨ ᠴᠠᠭᠳᠠᠭ᠎ᠠ ᠶᠢᠨ ᠭᠠᠵᠠᠷ ᠨᠠᠷ ᠬᠠᠮᠲᠤᠷᠠᠨ ᠳᠠᠬᠢᠨ ᠦᠵᠡᠯᠭᠡ ᠬᠢᠬᠦ ᠳᠤ ᠰᠢᠲᠠᠭᠰᠠᠨ ᠭᠡᠷ ᠤᠨ  ᠪᠠᠭᠤᠷᠢ ᠠᠴᠠ ᠵᠤᠯᠠ ᠣᠯᠳᠠᠭᠰᠠᠨ᠃ ᠡᠶᠢᠮᠦ ᠳᠤ ᠲᠠᠯᠢᠢᠭᠠᠴᠢ ᠶᠢ ᠪᠥᠭᠡ ᠶᠢᠨ ᠵᠠᠩ ᠦᠢᠯᠡ ᠠᠴᠠ ᠪᠣᠯᠵᠤ ᠵᠤᠯᠠ ᠠᠰᠠᠭᠠᠵᠤ ᠪᠠᠶᠢᠬᠤ ᠶᠠᠪᠤᠴᠠ ᠳᠠᠭᠠᠨ ᠬᠠᠳᠠᠭ ᠲᠠᠶ ᠣᠷᠢᠶᠠᠴᠠᠯᠳᠤᠵᠤ ᠰᠢᠲᠠᠭᠰᠠᠨ ᠪᠠᠶᠢᠵᠤ ᠪᠣᠯᠵᠤᠰᠢ ᠦᠭᠡᠶ ᠭᠡᠵᠦ ᠠᠯᠪᠠᠨ ᠤ ᠬᠢᠨ ᠦᠵᠡᠵᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ