ᠮᠣᠩᠭᠤᠯ ᠳᠡᠪᠡᠯ ᠲᠠᠢ ᠶᠠᠫᠣᠨ ᠤ ᠳᠠᠷᠤᠭ᠎ᠠ ᠲ᠊ · ᠳᠣᠷᠵᠢᠬᠠᠨᠳᠠ ᠭᠡᠰᠢᠭᠦᠨ ᠢ ᠢᠴᠢᠭᠡᠪᠡ | News.MN

ᠮᠣᠩᠭᠤᠯ ᠳᠡᠪᠡᠯ ᠲᠠᠢ ᠶᠠᠫᠣᠨ ᠤ ᠳᠠᠷᠤᠭ᠎ᠠ ᠲ᠊ · ᠳᠣᠷᠵᠢᠬᠠᠨᠳᠠ ᠭᠡᠰᠢᠭᠦᠨ ᠢ ᠢᠴᠢᠭᠡᠪᠡ

 

ᠤᠯᠤᠰ ᠤᠨ ᠶᠡᠭᠡ ᠬᠤᠷᠠᠯ  ᠤᠨ ᠭᠡᠰᠢᠭᠦᠨ ᠲ᠊ ·ᠳᠣᠷᠵᠢᠬᠠᠨᠳᠠ ᠦᠡᠭᠭᠡᠷᠡᠭᠰᠡᠠ ᠵᠢᠷᠭᠤᠳᠤᠭᠠᠷ ᠰᠠᠷ᠎ᠠ ᠳᠤ ᠪᠣᠯᠣᠭᠰᠠᠨ ᠶᠡᠷᠦᠩᠬᠡᠶᠢᠯᠡᠭᠴᠢ ᠶᠢᠨ ᠰᠣᠩᠭᠤᠭᠤᠯᠢ ᠳᠤ ᠰᠠᠨᠠᠯ ᠥᠭᠬᠦ ᠪᠠᠷ ᠢᠷᠡᠬᠦ ᠳᠤ ᠪᠠᠨ ᠦᠨᠳᠦᠰᠦᠨ ᠤ ᠳᠡᠪᠡᠯ ᠤᠨ ᠳᠤᠤᠷ᠎ᠠ ᠫᠦᠦᠵᠡ︵ ᠠᠶᠠᠯᠠᠯ ᠤᠨ ᠱᠠᠬᠠᠢ︶ ᠡᠮᠦᠰᠴᠦ᠂ ᠳᠢᠭ ᠵᠠᠶ᠋ᠢᠭ ᠦᠭᠡᠢ ᠬᠤᠪᠴᠠᠰᠤᠯᠠᠭᠰᠠᠨ ᠨᠢ ᠣᠯᠠᠨ ᠬᠥᠮᠥᠨ ᠤ ᠰᠢᠭᠦᠮᠵᠢᠯᠡᠯ ᠳᠤ ᠦᠷᠲᠦᠵᠦ ᠪᠠᠶᠢᠪᠠ᠃ ᠤᠴᠢᠷ ᠨᠢ︽ᠲᠥᠷᠥᠲᠦ ᠶᠣᠰᠣ᠂ ᠲᠡᠦᠬᠡ ᠰᠣᠶᠣᠯ ᠤᠨ ᠢᠶᠠᠨ ᠤᠯᠠᠮᠵᠢᠯᠠᠯ ᠢ ᠬᠦᠨᠳᠦᠳᠬᠡᠨ᠎ᠡ︾ᠬᠡᠮᠡᠨ ᠲᠠᠩᠭᠠᠷᠢᠭ ᠡᠷᠭᠦᠭᠰᠡᠨ ᠤᠯᠤᠰ ᠤᠨ ᠶᠡᠭᠡ ᠬᠤᠷᠠᠯ  ᠤᠨ ᠭᠡᠰᠢᠭᠦᠨ ᠡᠶᠢᠨ ᠬᠦ ᠦᠨᠳᠦᠰᠦᠨ ᠤ ᠰᠤᠶᠦᠯ᠂ ᠵᠠᠩᠰᠢᠯ ᠢᠶᠠᠨ ᠦᠯᠦ ᠬᠠᠶᠢᠬᠤᠷᠤᠭᠰᠠᠨ ᠦᠶᠯᠡᠳᠦᠯ ᠤᠳᠠᠭ᠎ᠠ ᠳᠠᠷᠠᠭ᠎ᠠ ᠭᠠᠷᠭᠠᠵᠤ ᠪᠠᠶᠢᠬᠤ ᠳᠤ ᠭᠡᠳᠦᠭᠡᠠ ᠬᠤᠨᠤᠭ ᠤᠨ ᠡᠮᠦᠨ᠎ᠡ ᠭᠠᠳᠠᠭᠠᠳᠤ ᠶᠢᠨ ᠢᠷᠭᠡᠳ ᠦᠯᠢᠭᠡᠷ ᠵᠢᠱᠢᠶ᠎ᠡ ᠪᠣᠯᠪᠠ᠃
ᠲᠣᠳᠣᠷᠠᠭᠤᠯᠪᠠᠯ᠂ ᠲᠤᠤᠺᠢᠣ᠋ 2020 ᠣᠯᠢᠮᠫ ᠤᠨ ᠨᠠᠭᠠᠳᠤᠮ ᠳᠤ ᠤᠷᠦᠯᠴᠡᠬᠤ ᠮᠣᠩᠭᠣᠯ ᠤᠨ ᠪᠠᠭ ᠲᠠᠮᠢᠷᠴᠢᠳ ᠤᠨ ᠡᠬᠢᠨ ᠤ ᠬᠡᠰᠡᠭ 07.17 / ᠳᠤ ᠲᠤᠤᠺᠢᠣ᠋ ᠬᠤᠲᠠ ᠳᠤ ᠭᠠᠵᠠᠷᠳᠠᠭᠰᠠᠨ᠃ ᠤᠭ ᠬᠡᠰᠡᠭ ᠲᠤ ᠮᠠᠨ ᠤ 3 x 3 ᠰᠠᠭᠰᠤᠨ ᠪᠥᠮᠪᠦᠭᠡ ᠶᠢᠨ ᠪᠠᠭ ᠤᠨ ᠲᠠᠮᠢᠷᠴᠢᠳ ᠪᠠᠭᠲᠠᠵᠤ᠂ ᠪᠡᠯᠡᠦᠡᠭᠡᠯ ᠬᠢᠬᠦ ᠪᠦᠰᠡ ᠪᠤᠶᠤ ᠶᠠᠢᠽᠤ᠋ ᠬᠤᠲᠠ ᠳᠤ ᠣᠴᠢᠭᠰᠠᠨ ᠶᠤᠮ᠃ ᠡᠨᠡ ᠦᠶ᠎ᠡ ᠪᠠᠷ ᠶᠠᠢᠽᠤ᠋ ᠬᠤᠲᠠ ᠶᠢᠨ ᠳᠠᠷᠤᠭ᠎ᠠ ᠮᠠᠨ ᠤ ᠪᠠᠭ ᠢ ᠬᠦᠯᠢᠶᠡᠨ ᠠᠪᠬᠤ ᠳᠤ ᠪᠠᠨ ᠮᠣᠩᠭᠤᠯ ᠦᠨᠳᠦᠰᠦᠨ ᠤ  ᠳᠡᠪᠡᠯ ᠡᠮᠦᠰᠦᠭᠰᠡᠨ ᠨᠢ ᠣᠯᠠᠨ ᠬᠦᠮᠦᠨ ᠳᠦ ᠰᠡᠶᠢᠬᠠᠠ ᠰᠡᠳᠬᠢᠭᠳᠡᠯ ᠲᠥᠷᠥᠭᠦᠯᠵᠦ ᠪᠠᠶᠢᠪᠠ᠃ ︽ᠮᠣᠩᠭᠣᠯ ᠤᠨ ᠦᠨᠳᠦᠰᠦᠨ ᠤ  ᠬᠤᠪᠴᠠᠰᠤ ᠨᠢ ᠭᠤᠲᠤᠯ᠂  ᠳᠡᠪᠡᠯ᠂ ᠬᠠᠨᠲᠠᠭᠠᠵᠠ᠂ ᠮᠠᠯᠠᠭᠠᠶ᠂ ᠪᠦᠰᠡ ᠨᠡᠶᠢᠯᠡᠵᠦ ᠬᠡᠮᠡᠨ᠎ᠡ ᠨᠢᠭᠡ ᠴᠣᠭᠴᠠ ᠦᠨᠳᠦᠰᠦᠨ ᠤ  ᠬᠤᠪᠴᠠᠰᠤ  ᠪᠣᠯᠳᠠᠭ︾ᠬᠡᠮᠡᠳᠡᠭ᠃ ᠡᠶᠢᠨ ᠬᠦ ᠭᠠᠳᠠᠨ᠎ᠠ ᠶᠢᠨ ᠢᠷᠭᠡᠳ ᠬᠦᠷᠳᠡᠯ᠎ᠠ ᠪᠢᠳᠡᠨ ᠤ ᠰᠤᠶᠦᠯ᠂ ᠶᠣᠰᠣ ᠵᠠᠩᠰᠢᠯ ᠢ ᠬᠦᠨᠳᠦᠳᠬᠡᠨ ᠦᠨᠳᠦᠰᠦᠨ ᠤ ᠬᠤᠪᠴᠠᠰᠤ ᠶᠢ ᠨᠣᠮ ᠶᠣᠰᠤᠭᠠᠷ ᠡᠮᠦᠰᠦᠭᠰᠡᠨ ᠨᠢ ᠡᠷᠬᠢᠮ ᠭᠡᠰᠢᠭᠦᠨ ᠢ︽ᠢᠴᠢᠭᠡᠪᠡ ᠤᠤ︾ ᠭᠡᠯᠲᠡᠢ᠃

ᠰᠡᠳᠬᠢᠭᠳᠡᠯ ᠦᠯᠡᠳᠡᠭᠡᠬᠦ