ᠳᠠᠯᠠᠢ ᠳᠤ ᠭᠠᠷᠴᠠ ᠦᠭᠡᠢ ᠣᠷᠣᠨ ᠨᠤᠭᠤᠳ ᠰᠠᠨᠠᠯ ᠰᠣᠯᠢᠯᠴᠠᠪᠠ | News.MN

ᠳᠠᠯᠠᠢ ᠳᠤ ᠭᠠᠷᠴᠠ ᠦᠭᠡᠢ ᠣᠷᠣᠨ ᠨᠤᠭᠤᠳ ᠰᠠᠨᠠᠯ ᠰᠣᠯᠢᠯᠴᠠᠪᠠ

ᠮᠣᠩᠭᠤᠯ ᠤᠯᠤᠰ ᠠᠴᠠ ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠵᠧᠨ᠋ᠸᠧᠠ ᠳᠠᠬᠢ ᠲᠥᠪ᠂ ᠳᠡᠯᠡᠬᠡᠢ ᠶᠢᠨ ᠬᠤᠳᠠᠯᠳᠤᠭᠠᠨ ᠤ ᠪᠠᠶᠢᠭᠤᠯᠤᠯᠭ᠎ᠠ ᠪᠤᠯᠦᠠ ᠣᠯᠠᠨ ᠤᠯᠤᠰ ᠤᠨ ᠪᠤᠰᠤᠳ ᠪᠠᠶᠢᠭᠤᠯᠤᠯᠭ᠎ᠠ ᠶᠢᠨ ᠳᠡᠷᠭᠡᠳᠡ ᠰᠠᠭᠤᠭ᠎ᠠ ᠪᠠᠶᠢᠩᠭᠤ ᠶᠢᠨ ᠲᠥᠯᠦᠭᠡᠯᠡᠭᠴᠢ᠂ ᠡᠯᠴᠢᠨ ᠰᠠᠶᠢᠳ ᠯ᠊ · ᠫᠦᠷᠪᠦᠰᠦ᠋ᠷᠦᠩ 2021 ᠣᠨ ᠤ 6 ᠳ᠋ᠤᠭᠠᠷ ᠰᠠᠷ᠎ᠠ ᠶᠢᠨ 30 ᠤ ᠡᠳᠦᠷ ᠵᠧᠨ᠋ᠸᠧᠠ  ᠳ᠋ᠡᠬᠢ ᠳᠠᠯᠠᠢ ᠳᠤ ᠭᠠᠷᠴᠠ ᠦᠭᠡᠢ ᠬᠥᠭᠵᠢᠵᠦ ᠪᠤᠶ ᠤᠯᠤᠰ ᠤᠳ ᠤᠨ ᠡᠯᠴᠢᠨ ᠰᠠᠶᠢᠳ ᠨᠠᠷ ᠤᠨ ᠠᠭᠤᠯᠵᠠᠯᠲᠠ ᠶᠢ ᠤᠳᠤᠷᠢᠳᠤᠨ ᠵᠣᠬᠢᠶᠠᠨ ᠪᠠᠶᠢᠭᠤᠯᠪᠠ᠃ ᠠᠭᠤᠯᠵᠠᠯᠲᠠ ᠳᠤ ᠣᠯᠠᠨ ᠤᠯᠤᠰ ᠤᠨ ᠵᠡᠮ ᠲᠡᠭᠡᠭᠡᠪᠦᠷᠢ ᠶᠢᠨ ᠬᠤᠯᠪᠤᠭᠠᠨ ᠤ ᠶᠡᠷᠦᠩᠬᠡᠶ ᠨᠡᠷᠢᠠ ᠪᠢᠴᠢᠭ ᠤᠨ ᠳᠠᠷᠤᠭ᠎ᠠ ᠤᠮᠪᠸᠷᠲ᠋ᠤ᠋  ᠳ᠋ᠧ ᠫᠷᠸᠲᠲ᠋ᠤ᠋ ᠣᠷᠣᠯᠴᠠᠵᠤ᠂ ᠴᠠᠷ᠎ᠠ  ᠲᠠᠬᠤᠯ ᠤᠨ  ᠨᠥᠬᠦᠴᠡᠯ ᠳᠠᠬᠢ ᠤᠯᠤᠰ ᠬᠤᠭᠤᠷᠤᠨᠳᠤ ᠶᠢᠨ ᠲᠡᠭᠡᠭᠡᠪᠦᠷᠢ ᠶᠢᠨ ᠦᠶᠯᠡ ᠠᠵᠢᠯᠯᠠᠭ᠎ᠠ᠂ ᠬᠢᠯᠢ᠂ ᠭᠠᠶᠢᠯᠢ᠂ ᠬᠤᠳᠠᠯᠳᠤᠭ᠎ᠠ ᠶᠢ ᠬᠦᠡᠭᠭᠡᠪᠴᠢᠯᠡᠬᠦ ᠦᠶᠯᠡ ᠠᠵᠢᠯᠯᠠᠭᠠᠨ ᠤ ᠠᠴᠢ ᠬᠤᠯᠪᠣᠭᠳᠠᠯ ᠤᠨ  ᠲᠠᠯ᠎ᠠ ᠪᠠᠷ ᠰᠠᠨᠠᠯ ᠰᠣᠯᠢᠯᠴᠠᠪᠠ᠃ ᠲᠡᠭᠦᠨᠴᠢᠯᠡᠨ ᠳᠠᠯᠠᠢ ᠳᠤ ᠭᠠᠷᠴᠠ ᠦᠭᠡᠢ ᠬᠥᠭᠵᠢᠵᠦ ᠪᠤᠶ ᠣᠷᠣᠨ ᠨᠤᠭᠤᠳ ᠲᠤ ᠠᠴᠢ ᠬᠤᠯᠪᠣᠭᠳᠠᠯ ᠲᠠᠢ ᠠᠦ᠋ᠲ᠋ᠣ᠋ ᠲᠡᠭᠡᠭᠡᠪᠦᠷᠢ ᠶᠢᠨ ᠰᠠᠯᠪᠤᠷᠢ ᠶᠢᠨ ᠣᠯᠠᠨ ᠤᠯᠤᠰ ᠤᠨ ᠭᠡᠷ᠎ᠡ ᠬᠡᠯᠡᠯᠴᠡᠯ ᠦᠨ ᠲᠠᠯ᠎ᠠ ᠪᠠᠷ ᠲᠡᠨᠢᠯᠴᠡᠭᠤᠯᠬᠤ ᠶᠢᠨ ᠬᠠᠮᠲᠤ ᠵᠢᠯᠤᠭᠤᠴᠢ ᠨᠠᠷ ᠤᠨ ᠸᠠᠻᠼᠢᠨ  ᠲᠠᠷᠢᠭᠤᠯᠤᠭᠰᠠᠨ  ᠲᠤᠳᠤᠷᠬᠠᠢᠯᠠᠯᠲᠠ ᠶᠢ ᠬᠠᠷᠢᠯᠴᠠᠨ ᠬᠦᠯᠢᠶᠡᠨ ᠵᠥᠪᠰᠢᠶᠡᠷᠡᠬᠦ ᠣᠯᠠᠨ ᠤᠯᠤᠰ ᠤᠨ ᠰᠲ᠋ᠠᠨᠳᠠᠷᠲ ᠢ ᠨᠡᠩ ᠶᠠᠭᠠᠷᠠᠯᠲᠠᠢ ᠲᠤᠬᠳᠡᠭᠠᠬᠤ ᠴᠢᠭᠯᠡᠯ ᠢᠶᠠᠷ ᠬᠤᠯᠪᠦᠬᠳᠡᠬᠤ ᠣᠯᠠᠨ ᠤᠯᠤᠰ ᠤᠨ ᠪᠠᠶᠢᠭᠤᠯᠤᠯᠭ᠎ᠠ ᠨᠤᠭᠤᠳ ᠲᠤ ᠤᠷᠢᠶᠠᠯᠠᠭ᠎ᠠ ᠬᠦᠷᠭᠡᠭᠦᠯᠬᠦ ᠪᠠᠷ ᠲᠣᠭᠲᠠᠪᠠ᠃

ᠡᠳᠦᠭᠡ ᠳᠡᠯᠡᠬᠡᠢ ᠳᠤ ᠳᠠᠯᠠᠢ ᠳᠤ ᠭᠠᠷᠴᠠ ᠦᠭᠡᠢ 44 ᠤᠯᠤᠰ ᠪᠠᠶᠢᠭ᠎ᠠ ᠶᠢᠨ 32 ᠨᠢ ᠬᠥᠭᠵᠢᠵᠦ ᠪᠤᠶ ᠤᠯᠤᠰ ᠤᠳ ᠶᠤᠮ᠃ ᠲᠡᠳᠡ ᠳᠠᠯᠠᠢ ᠶᠢᠨ ᠪᠣᠭᠤᠮᠲᠠ ᠠᠴᠠ ᠬᠤᠯᠠ ᠣᠷᠤᠰᠢᠳᠠᠭ᠂ ᠣᠯᠠᠨ ᠤᠯᠤᠰ ᠤᠨ ᠵᠠᠬ᠎ᠠ ᠵᠡᠭᠡᠯᠢ ᠠᠴᠠ ᠠᠯᠤᠰᠯᠠᠭᠳᠠᠮᠠᠯ᠂ ᠭᠠᠳᠠᠭᠠᠳᠤ ᠬᠤᠳᠠᠯᠳᠤᠭᠠᠨ ᠤ ᠵᠠᠷᠤᠳᠠᠯ ᠦᠡᠳᠦᠷ᠂ ᠲᠷᠠᠨᠽᠢᠲ ᠤᠯᠤᠰ ᠤᠳ ᠠᠴᠠ ᠬᠠᠮᠢᠶᠠᠷᠤᠯ ᠶᠡᠬᠡ ᠵᠡᠷᠭᠡ ᠣᠯᠠᠨ ᠲᠤᠯᠭᠠᠮᠳᠠᠭᠰᠠᠨ ᠠᠰᠠᠭᠤᠳᠠᠯ ᠲᠠᠢ ᠪᠥᠭᠡᠳ ᠣᠯᠠᠨ ᠤᠯᠤᠰ ᠤᠨ ᠬᠤᠳᠠᠯᠳᠤᠭᠠᠨ ᠳᠤ ᠲᠡᠳᠡᠨ ᠤ ᠡᠵᠡᠯᠡᠬᠦ ᠬᠤᠪᠢ ᠳᠥᠩᠭᠡᠵᠢ ᠨᠢᠭᠡ ᠬᠤᠪᠢ ᠪᠣᠯᠤᠨ᠎ᠠ᠃

ᠰᠡᠳᠬᠢᠭᠳᠡᠯ ᠦᠯᠡᠳᠡᠭᠡᠬᠦ