ᠠᠶᠢᠯ ᠳᠤ ᠢᠷᠡᠭᠰᠡᠨ ᠪᠠᠮᠪᠤᠷᠠᠰᠢ ᠶᠢ ᠣᠶ ᠬᠥᠪᠴᠢ ᠳᠤ ᠲᠠᠯᠪᠢᠯ᠎ᠠ | News.MN

ᠠᠶᠢᠯ ᠳᠤ ᠢᠷᠡᠭᠰᠡᠨ ᠪᠠᠮᠪᠤᠷᠠᠰᠢ ᠶᠢ ᠣᠶ ᠬᠥᠪᠴᠢ ᠳᠤ ᠲᠠᠯᠪᠢᠯ᠎ᠠ

ᠬᠥᠪᠰᠥᠬᠦᠯ ᠠᠶᠢᠮᠠᠭ ᠤᠨ ᠡᠷᠳᠡᠨᠢᠪᠤᠯᠠᠭᠠᠨ ᠰᠤᠮᠤ ᠶᠢᠨ ᠮᠠᠯᠴᠢᠨ ᠠᠶᠢᠯ ᠳᠤ ᠲᠠᠪᠤᠳᠤᠭᠠᠷ ᠰᠠᠷ᠎ᠠ ᠶᠢᠨ 16 ᠳᠤ ᠡᠬᠡ ᠠᠴᠠ ᠪᠠᠨ ᠲᠥᠭᠡᠷᠢᠭᠰᠡᠨ ᠪᠠᠮᠪᠤᠷᠠᠰᠢ ᠢᠷᠡᠭᠰᠡᠨ ᠢ ᠨᠤᠲᠤᠭ ᠤᠨ ᠪᠠᠶᠢᠭᠠᠯᠢ ᠬᠠᠮᠠᠭᠠᠯᠠᠭᠴᠢᠳ ᠠᠰᠠᠷᠠᠨ ᠬᠠᠮᠠᠭᠠᠯᠠᠵᠤ᠂ ᠪᠡᠶ᠎ᠡ ᠳᠠᠭᠠᠭᠠᠨ ᠠᠮᠢᠳᠦᠷᠡᠬᠤ ᠴᠢᠳᠠᠪᠤᠷᠢ ᠲᠠᠶ ᠪᠣᠯᠭᠠᠭᠠᠳ ᠥᠨᠥᠳᠥᠷ ᠲᠠᠶᠢᠭ᠎ᠠ ᠳᠤ ᠨᠢ ᠲᠠᠯᠪᠢᠵᠤ ᠪᠠᠶᠢᠨ᠎ᠡ᠃ ᠲᠥᠭᠡᠷᠢᠭᠰᠡᠨ ᠪᠠᠮᠪᠤᠷᠠᠰᠢ 2 – 3  ᠰᠠᠷ᠎ᠠ ᠲᠠᠢ᠂ ᠵᠢᠷᠭᠤᠭᠠᠨ ᠺᠢᠯᠣᠭ᠍ᠷᠠᠮ ᠵᠢᠩ ᠲᠠᠢ ᠪᠠᠶᠢᠭᠰᠠᠨ ᠪᠣᠯ ᠣᠳᠤ 16 -17 ᠺᠢᠯᠣᠭ᠍ᠷᠠᠮ ᠵᠢᠩ ᠲᠠᠢ ᠪᠣᠯᠵᠤ᠂ ᠥᠪᠡᠷ ᠢᠶᠠᠨ ᠪᠡᠶ᠎ᠡ ᠳᠠᠭᠠᠭᠠᠨ ᠠᠮᠢᠳᠤᠷᠠᠵᠤ᠂  ᠢᠳᠡᠬᠦ ᠲᠡᠵᠢᠭᠡᠯ ᠢᠶᠠᠨ ᠤᠯᠬᠤ ᠴᠢᠳᠠᠪᠤᠷᠢ ᠲᠠᠶ ᠪᠣᠯᠣᠭᠰᠠᠨ ᠭᠡᠵᠦ ᠦᠵᠡᠵᠡᠢ᠃
ᠪᠠᠶᠢᠭᠠᠯᠢ ᠬᠠᠮᠠᠭᠠᠯᠠᠭᠴᠢᠳ ᠤᠨ ᠠᠰᠠᠷᠠᠭᠠᠨ ᠳᠤ ᠰᠠᠷ᠎ᠠ ᠭᠠᠷᠤᠢ ᠪᠣᠯᠣᠭᠰᠠᠨ ᠪᠠᠮᠪᠤᠷᠠᠰᠢ ᠶᠢ ᠣᠶ ᠲᠠᠶᠢᠭ᠎ᠠ ᠳᠤ ᠨᠢ ᠲᠠᠯᠪᠢᠬᠤ ᠠᠵᠢᠯ ᠢ ᠬᠥᠪᠰᠥᠬᠦᠯ ᠠᠶᠢᠮᠠᠭ ᠤᠨ ᠪᠠᠶᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠭᠠᠵᠠᠷ᠂ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ  ᠤᠨ ᠪᠠᠶᠢᠭᠠᠯᠢ ᠣᠷᠴᠢᠨ ᠤ ᠠᠰᠠᠭᠤᠳᠠᠯ ᠬᠠᠷᠢᠭᠤᠴᠠᠭᠰᠠᠨ ᠮᠡᠷᠭᠡᠵᠢᠯᠲᠡᠨ᠂  ᠲᠤᠰ ᠰᠤᠮᠤ ᠶᠢᠨ ᠪᠠᠶᠢᠭᠠᠯᠢ ᠬᠠᠮᠠᠭᠠᠯᠠᠭᠴᠢᠳ ᠬᠠᠮᠲᠤᠷᠠᠨ ᠵᠣᠬᠢᠶᠠᠨ ᠪᠠᠶᠢᠭᠤᠯᠵᠤ ᠪᠠᠶᠢᠨ᠎ᠡ᠃  ᠪᠠᠮᠪᠤᠷᠠᠰᠢ ᠶᠢ ᠰᠤᠮᠤ ᠶᠢᠨ ᠲᠥᠪ ᠠᠴᠠ 60 – 70 ᠺᠢᠯᠣᠮᠧᠲᠷ᠂ ᠬᠠᠮᠤᠬ ᠤᠨ ᠣᠶᠢᠷ᠎ᠠ ᠠᠶᠢᠯ 10 ᠺᠢᠯᠣᠮᠧᠲᠷ ᠪᠠᠶᠢᠬᠤ ᠣᠶ᠂ ᠬᠥᠪᠴᠢ ᠳᠤ ᠲᠠᠯᠪᠢᠵᠤ ᠪᠠᠶᠢᠭ᠎ᠠ ᠶᠤᠮ᠃ ᠴᠢᠨᠠᠭᠰᠢᠳᠠ ᠨᠤᠲᠤᠭ ᠤᠨ ᠪᠠᠶᠢᠭᠠᠯᠢ ᠬᠠᠮᠠᠭᠠᠯᠠᠭᠴᠢᠳ ᠲᠡᠭᠦᠨ ᠳᠤ ᠬᠢᠨᠠᠯᠲᠠ ᠲᠠᠯᠪᠢᠨ᠎ᠠ᠃

ᠰᠡᠳᠬᠢᠭᠳᠡᠯ ᠦᠯᠡᠳᠡᠭᠡᠬᠦ