ᠡᠯᠴᠢᠨ ᠰᠠᠶᠢᠳ ᠤᠨᠲᠤᠮᠢᠯᠠᠯᠭ᠎ᠠ ᠲᠣᠭᠣᠷᠢᠭᠰᠠᠨ ᠮᠠᠷᠠᠹᠣᠨ ᠡᠬᠢᠯᠡᠵᠡᠢ | News.MN

ᠡᠯᠴᠢᠨ ᠰᠠᠶᠢᠳ ᠤᠨᠲᠤᠮᠢᠯᠠᠯᠭ᠎ᠠ ᠲᠣᠭᠣᠷᠢᠭᠰᠠᠨ ᠮᠠᠷᠠᠹᠣᠨ ᠡᠬᠢᠯᠡᠵᠡᠢ

 

ᠰᠡᠭᠦᠯ ᠦᠨ 12 ᠵᠢᠯ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠭᠴᠢᠳ ᠢᠯᠠᠯᠲᠠ ᠪᠠᠶᠢᠭᠤᠯᠤᠭᠰᠠᠨ ᠪᠣᠯ ᠤ᠊∙ᠬᠦᠷᠡᠯᠰᠦ᠋ᠬᠡ ᠯᠠ ᠡᠨᠡ ᠪᠤᠤᠬᠢᠶ᠎ᠠ ᠶᠢ ᠲᠠᠰᠤᠯᠵᠤ ᠴᠢᠳᠠᠪᠠ᠃ ᠥᠩᠭᠡᠷᠡᠭᠰᠡᠨ ᠪᠠᠰᠠᠩ ᠭᠠᠷᠠᠭ ᠲᠤ ᠲᠡᠷᠡ ᠪᠡᠷ ᠲᠠᠩᠭᠠᠷᠢᠭ ᠡᠷᠭᠦᠵᠦ᠂ ᠶᠡᠷᠦᠩᠬᠡᠶᠢᠯᠡᠭᠴᠢ ᠶᠢᠨ ᠵᠢᠷᠭᠤᠭᠠᠨ ᠵᠢᠯ ᠦᠨ ᠪᠦᠷᠢᠨ ᠡᠷᠬᠡ ᠶᠢᠨ ᠬᠤᠭᠤᠴᠠᠭ᠎ᠠ ᠨᠢ ᠬᠡᠷᠡᠭᠵᠢᠵᠦ ᠡᠬᠢᠯᠡᠯ᠎ᠡ᠃ ᠡᠭᠦᠨ ᠲᠡᠢ ᠵᠡᠷᠭᠡᠴᠡᠨ ᠵᠠᠰᠠᠭ ᠤᠨ ᠭᠠᠵᠠᠷ ᠠᠴᠠ ᠰᠠᠨᠠᠯ ᠪᠣᠯᠭᠠᠵᠤ᠂ ᠶᠡᠷᠦᠩᠬᠡᠶᠢᠯᠡᠭᠴᠢ ᠤᠯᠤᠰ ᠤᠨ ᠶᠡᠬᠡ ᠬᠤᠷᠠᠯ ᠲᠠᠢ ᠵᠥᠪᠰᠢᠯᠴᠡᠨ ᠲᠣᠮᠢᠯᠠᠳᠠᠭ ᠡᠯᠴᠢᠨ ᠰᠠᠶᠢᠳ ᠤᠨ ᠨᠡᠷᠡᠰ ᠥᠨᠥᠳᠥᠷ ᠡᠴᠡ ᠬᠡᠪᠯᠡᠯ ᠦᠨ ᠬᠠᠭᠤᠳᠠᠰᠤᠨ᠎ᠠ ᠭᠠᠷᠴᠤ ᠡᠬᠢᠯᠡᠯ᠎ᠡ᠃

ᠦᠨᠡᠬᠡᠷ ᠴᠤ ᠮᠣᠩᠭᠣᠯ ᠤᠯᠤᠰ ᠠᠴᠠ ᠭᠠᠳᠠᠭᠠᠳᠤ ᠣᠷᠣᠨ ᠳᠤ ᠲᠥᠯᠥᠭᠡᠯᠡᠨ ᠰᠠᠭᠤᠳᠠᠭ ᠬᠡᠳᠦ ᠬᠡᠳᠦᠨ ᠡᠯᠴᠢᠨ ᠰᠠᠶᠢᠳ ᠤᠨ ᠪᠦᠷᠢᠨ ᠡᠷᠬᠡ ᠶᠢᠨ ᠬᠤᠭᠤᠴᠠᠭ᠎ᠠ ᠳᠠᠭᠤᠰᠬᠠᠪᠤᠷᠢ ᠪᠣᠯᠤᠭᠰᠠᠨ᠂ ᠮᠥᠨ ᠳᠠᠭᠤᠰᠬᠠᠪᠤᠷᠢ ᠪᠣᠯᠵᠤ ᠪᠠᠶᠢᠭ᠎ᠠ ᠶᠤᠮ᠃ ᠡᠮᠦᠨ᠎ᠡ ᠨᠢ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠠᠵᠢᠯᠯᠠᠵᠤ ᠪᠠᠶᠢᠭᠰᠠᠨ ᠳ∙ᠲᠡᠷᠡᠪᠢᠰᠢᠳᠠᠭᠪᠠ ᠭᠸᠷᠮᠡᠨ ᠳᠦ ᠭᠡᠬᠦᠴᠢᠯᠡᠨ ᠮᠥᠨ ᠥ᠊∙ᠡᠩᠬᠡᠲᠦ᠋ᠪᠰᠢᠨ᠂ ᠼ∙ᠴᠡᠩᠭᠡᠯ᠂ ᠼ∙ᠴᠣᠭᠵᠢᠯᠮ᠎ᠠ ᠨᠠᠷ ᠤᠨ ᠨᠡᠷ᠎ᠡ ᠴᠤ ᠶᠠᠷᠢᠭᠳᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ