ᠬ∙ᠪᠠᠲᠤᠲᠤᠯᠭ᠎ᠠ ᠣᠷᠣᠰ ᠤᠨ ᠳᠦᠷᠰᠦᠯᠡᠬᠦ ᠤᠷᠠᠯᠢᠭ ᠤᠨ ᠠᠺᠠᠳᠧᠮᠢ ᠶᠢᠨ ᠬᠦᠨᠳᠦᠲᠦ ᠠᠺᠠᠳᠧᠮᠢᠴᠢ ᠪᠣᠯᠤᠯ᠎ᠠ | News.MN

ᠬ∙ᠪᠠᠲᠤᠲᠤᠯᠭ᠎ᠠ ᠣᠷᠣᠰ ᠤᠨ ᠳᠦᠷᠰᠦᠯᠡᠬᠦ ᠤᠷᠠᠯᠢᠭ ᠤᠨ ᠠᠺᠠᠳᠧᠮᠢ ᠶᠢᠨ ᠬᠦᠨᠳᠦᠲᠦ ᠠᠺᠠᠳᠧᠮᠢᠴᠢ ᠪᠣᠯᠤᠯ᠎ᠠ

 

ᠣᠷᠣᠰ ᠤᠨ ᠳᠦᠷᠰᠦᠯᠡᠬᠦ ᠤᠷᠠᠯᠢᠭ ᠤᠨ ᠠᠺᠠᠳᠧᠮᠢ ᠶᠢᠨ ᠲᠡᠷᠢᠭᠦᠯᠡᠭᠴᠢᠳ ᠦᠨ 2021 ᠣᠨ ᠤ ᠳᠥᠷᠪᠡᠳᠦᠭᠡᠷ ᠰᠠᠷ᠎ᠠ ᠶᠢᠨ 6 ᠤ ᠬᠤᠷᠠᠯ ᠢᠶᠠᠷ ᠶᠡᠷᠦᠩᠬᠡᠶᠢᠯᠡᠭᠴᠢ ᠬᠠᠯᠲᠠᠮ᠎ᠠ ᠶᠢᠨ ᠪᠠᠲᠤᠲᠤᠯᠭ᠎ᠠ ᠳᠤ ᠲᠤᠰ ᠠᠺᠠᠳᠧᠮᠢ ᠶᠢᠨ ᠬᠦᠨᠳᠦᠲᠦ ᠠᠺᠠᠳᠧᠮᠢᠴᠢ ᠴᠣᠯᠠ ᠶᠢ ᠣᠯᠭᠣᠬᠤ ᠰᠢᠢᠳᠪᠦᠷᠢ ᠶᠢ ᠭᠠᠷᠭᠠᠭᠰᠠᠨ ᠪᠠᠶᠢᠨ᠎ᠠ᠃ ᠡᠨᠡ ᠰᠢᠢᠳᠪᠦᠷᠢ ᠶᠢᠨ ᠳᠠᠭᠠᠤ ᠣᠷᠣᠰ  ᠠᠴᠠ ᠮᠣᠩᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠢ᠊ ∙ ᠺ ∙ ᠠᠽᠢᠽᠣᠪ ᠥᠨᠥᠳᠥᠷ ᠳᠦᠷᠰᠦᠯᠡᠬᠦ ᠤᠷᠠᠯᠢᠭ ᠤᠨ ᠠᠺᠠᠳᠧᠮᠢ ᠶᠢᠨ ᠬᠦᠨᠳᠦᠲᠦ ᠠᠺᠠᠳᠧᠮᠢᠴᠢ ᠶᠢᠨ ᠡᠷᠭᠦᠮᠵᠢᠯᠡᠯ᠂ ᠠᠯᠲᠠᠨ ᠲᠡᠮᠳᠡᠭ ᠢ  ᠲᠡᠭᠦᠨ ᠳᠤ ᠭᠠᠷᠳᠠᠭᠤᠯᠤᠨ ᠥᠭᠭᠦᠯ᠎ᠡ᠃
ᠬ∙ᠪᠠᠲᠤᠲᠤᠯᠭ᠎ᠠ ᠬᠡᠯᠡᠬᠦ ᠳᠦ ᠪᠡᠨ᠂ ᠢᠷᠡᠵᠦ ᠶᠠᠪᠤᠭ᠎ᠠ ᠴᠠᠭ ᠤᠨ ᠮᠠᠶᠢᠳᠠᠷ ᠪᠤᠷᠬᠠᠨ ᠤ ᠪᠣᠰᠤᠭ᠎ᠠ ᠳᠦᠷᠢ ᠶᠢ ᠪᠣᠰᠬᠠᠬᠤ 《ᠶᠡᠬᠡ ᠮᠠᠶᠢᠳᠠᠷ》ᠲᠥᠰᠥᠯ᠂ ᠤᠯᠠᠭᠠᠨᠪᠠᠭᠠᠲᠤᠷ ᠬᠣᠲᠠ ᠠᠴᠠ 53 ᠺᠢᠯᠣᠮᠧᠲ᠋ᠷ ᠵᠠᠢ ᠳᠤ ᠪᠠᠶᠢᠷᠢᠯᠠᠬᠤ ᠴᠢᠩᠭᠢᠰ ᠬᠠᠭᠠᠨ ᠤ ᠮᠣᠷᠢᠲᠤ ᠬᠥᠰᠢᠶ᠎ᠡ ᠪᠣᠯᠤᠨ ᠪᠤᠰᠤᠳ ᠲᠣᠮᠣᠬᠠᠨ ᠪᠦᠲᠦᠭᠡᠨ ᠪᠠᠶᠢᠭᠤᠯᠤᠯᠲᠠ ᠶᠢᠨ ᠲᠥᠰᠥᠯ ᠢ ᠬᠡᠷᠡᠭᠵᠢᠭᠦᠯᠬᠦ ᠳᠦ ᠣᠷᠣᠭᠤᠯᠤᠭᠰᠠᠨ ᠬᠤᠪᠢ ᠨᠡᠮᠡᠷᠢ ᠶᠢ ᠦᠨᠡᠯᠡᠵᠦ᠂ ᠡᠨᠡ ᠬᠦ ᠨᠡᠷ᠎ᠡ ᠬᠦᠨᠳᠦᠲᠡᠢ ᠴᠣᠯᠠ ᠶᠢ ᠮᠡᠷᠭᠡᠵᠢᠯ ᠦᠨ ᠬᠢᠨᠢ ᠬᠤᠪᠢ ᠳᠤ ᠣᠯᠭᠤᠵᠤ ᠪᠠᠶᠢᠭ᠎ᠠ ᠳᠤ ᠲᠠᠯᠠᠷᠬᠠᠯ ᠢᠯᠡᠷᠬᠡᠶᠢᠯᠡᠪᠡ᠃

ᠰᠡᠳᠬᠢᠭᠳᠡᠯ ᠦᠯᠡᠳᠡᠭᠡᠬᠦ