Fitch ᠠᠭᠧᠨᠲᠯᠢᠭ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠰᠠᠨᠠᠯ ᠪᠣᠯᠭᠠᠵᠤ ᠪᠤᠢ ᠳ᠋ᠣᠯᠯᠠᠷ ᠤᠨ ᠪᠤᠨᠳ᠋ ᠤᠨ ᠦᠨᠡᠯᠡᠭᠡ ᠶᠢ B ᠭᠡᠵᠦ ᠲᠣᠭᠲᠠᠭᠠᠭᠰᠠᠨ ᠢᠶᠠᠨ ᠮᠡᠳᠡᠭᠡᠯᠡᠯ᠎ᠡ᠃ ᠡᠨᠡ ᠬᠦ ᠪᠤᠨᠳ᠋ ᠢᠶᠠᠷ ᠲᠠᠲᠠᠨ ᠲᠥᠪᠯᠡᠷᠡᠭᠦᠯᠬᠦ ᠬᠥᠷᠥᠩᠭᠡ ᠪᠡᠷ 2022 ᠪᠣᠯᠤᠨ 2023 ᠣᠨ ᠳᠤ ᠬᠤᠭᠤᠴᠠᠭ᠎ᠠ ᠨᠢ ᠳᠠᠭᠤᠰᠴᠤ ᠪᠤᠢ ᠪᠤᠨᠳ᠋ ᠤᠨ ᠵᠠᠷᠢᠮ ᠬᠡᠰᠡᠭ ᠢ ᠳᠠᠬᠢᠨ ᠰᠠᠩᠬᠦᠦᠵᠢᠭᠦᠯᠵᠤ ᠮᠠᠭᠠᠳ ᠦᠭᠡᠢ ᠪᠥᠭᠡᠳ ᠢᠩᠭᠢᠬᠦ ᠳᠦ ᠪᠡᠨ ᠪᠤᠨᠳ᠋ ᠡᠵᠡᠮᠰᠢᠵᠦ ᠪᠤᠢ ᠬᠥᠷᠥᠩᠭᠡ ᠣᠷᠣᠭᠤᠯᠤᠭᠴᠢᠳ ᠲᠤ ᠲᠧᠨᠳᠧᠷ ᠰᠠᠨᠠᠯ ᠬᠦᠷᠭᠡᠭᠦᠯᠬᠦ ᠶᠤᠮ᠃ ᠡᠶᠢᠨᠬᠦᠦ ᠰᠢᠨ᠎ᠡ ᠪᠡᠷ ᠪᠤᠨᠳ᠋ ᠭᠠᠷᠭᠠᠵᠤ ᠬᠡᠳᠦᠢ ᠬᠡᠮᠵᠢᠶᠡᠨ ᠦ ᠰᠠᠩᠬᠦᠦᠵᠢᠯᠲᠡ ᠲᠠᠲᠠᠬᠤ ᠨᠢ ᠣᠳᠣ ᠪᠠᠷ ᠲᠣᠳᠣᠷᠬᠠᠢ ᠦᠭᠡᠢ ᠪᠠᠶᠢᠨ᠎ᠠ᠃
ᠰᠠᠩ ᠤᠨ ᠶᠠᠮᠤᠨ ᠠᠴᠠ ᠲᠣᠳᠣᠷᠠᠭᠤᠯᠬᠤ ᠳᠤ ᠬᠥᠷᠥᠩᠭᠡ ᠣᠷᠣᠭᠤᠯᠤᠭᠴᠢ ᠲᠠᠯ᠎ᠠ ᠨᠤᠭᠤᠳ ᠲᠠᠢ ᠶᠠᠷᠢᠶ᠎ᠠ ᠬᠡᠯᠡᠯᠴᠡᠭᠡ ᠬᠢᠵᠤ ᠪᠠᠶᠢᠭ᠎ᠠ ᠭᠡᠵᠦ ᠳᠡᠳ᠋ ᠰᠠᠶᠢᠳ ᠰ ∙ ᠮᠦᠩᠭᠦᠨᠴᠢᠮᠡᠭ ᠬᠡᠯᠡᠪᠡ᠃ ᠵᠢᠷᠭᠤᠳᠤᠭᠠᠷ ᠰᠠᠷ᠎ᠠ ᠶᠢᠨ 21 ᠦ ᠡᠳᠦᠷ ᠡᠴᠡ ᠬᠥᠷᠥᠩᠭᠡ ᠣᠷᠣᠭᠤᠯᠤᠭᠴᠢᠳ ᠲᠤ ᠮᠡᠳᠡᠭᠡᠯᠡᠯ ᠥᠭᠬᠦ ᠠᠭᠤᠯᠵᠠᠯᠲᠠ ᠨᠤᠭᠤᠳ ᠵᠣᠬᠢᠶᠠᠨ ᠪᠠᠶᠢᠭᠤᠯᠵᠤ ᠪᠠᠶᠢᠭ᠎ᠠ ᠪᠥᠭᠡᠳ ᠡᠨᠡ ᠠᠵᠢᠯ ᠳᠡᠭᠡᠷ᠎ᠡ ᠮᠣᠩᠭᠣᠯ ᠤᠯᠤᠰ ᠤᠨ ᠵᠠᠰᠠᠭ ᠤᠨ ᠭᠠᠵᠠᠷ᠂ HSBC᠂ J.P. Morgan᠂ Morgan Stanley᠂ Nomura ᠵᠡᠷᠭᠡ ᠪᠠᠩᠬᠢ ᠰᠠᠩᠬᠦᠦ ᠶᠢᠨ ᠪᠠᠶᠢᠭᠤᠯᠤᠯᠭ᠎ᠠ ᠨᠤᠭᠤᠳ ᠲᠠᠢ ᠬᠠᠮᠲᠤᠷᠠᠵᠤ ᠪᠠᠶᠢᠭ᠎ᠠ ᠠᠵᠠᠢ᠃