ᠦᠨᠳᠦᠰᠦᠨ ᠦ ᠶᠡᠬᠡ ᠰᠤᠷ ᠤᠨ ᠬᠠᠷᠪᠤᠭᠠᠨ ᠤ ᠵᠣᠭᠰᠣᠭᠠᠯ ᠤᠨ ᠡᠷᠡᠮᠪᠡ ᠶᠢ ᠰᠢᠨᠡᠴᠢᠯᠡᠵᠡᠢ | News.MN

ᠦᠨᠳᠦᠰᠦᠨ ᠦ ᠶᠡᠬᠡ ᠰᠤᠷ ᠤᠨ ᠬᠠᠷᠪᠤᠭᠠᠨ ᠤ ᠵᠣᠭᠰᠣᠭᠠᠯ ᠤᠨ ᠡᠷᠡᠮᠪᠡ ᠶᠢ ᠰᠢᠨᠡᠴᠢᠯᠡᠵᠡᠢ

 

ᠦᠨᠳᠦᠰᠦᠨ ᠦ ᠶᠡᠬᠡ ᠰᠤᠷ ᠤᠨ ᠬᠠᠷᠪᠤᠭᠠᠨ ᠤ ᠵᠣᠭᠰᠣᠭᠠᠯ ᠤᠨ ᠡᠷᠡᠮᠪᠡ ᠶᠢ ᠰᠢᠨᠡᠴᠢᠯᠡᠭᠰᠡᠨ ᠵᠢᠷᠤᠮ ᠪᠠᠲᠤᠯᠠᠵᠠᠢ᠃ ᠦᠨᠳᠦᠰᠦᠨ ᠦ ᠶᠡᠬᠡ ᠰᠤᠷ ᠤᠨ ᠬᠠᠷᠪᠤᠭ᠎ᠠ ᠪᠠᠷ ᠲᠡᠮᠡᠴᠡᠭᠡᠨ ᠤᠷᠤᠯᠳᠤᠭᠠᠨ ᠵᠣᠬᠢᠶᠠᠨ ᠪᠠᠶᠢᠭᠤᠯᠳᠠᠭ ᠰᠠᠯᠪᠤᠷᠢ ᠬᠣᠯᠪᠣᠭ᠎ᠠ᠂  ᠺᠯᠦ᠋ᠪ᠂ ᠪᠠᠭ ᠤᠳ ᠴᠢᠨᠠᠭᠰᠢᠳᠠ ᠳᠣᠣᠷᠠᠬᠢ ᠵᠢᠷᠤᠮ ᠢ ᠳᠠᠭᠠᠨ ᠮᠦᠷᠳᠡᠬᠦ ᠠᠵᠠᠢ ᠃ ᠮᠥᠨ ᠠᠶᠢᠮᠠᠭ᠂ ᠰᠤᠮᠤ ᠶᠢᠨ ᠴᠣᠯᠠ ᠲᠠᠢ ᠪᠣᠯᠤᠨ ᠰᠫᠣᠷᠲ ᠤᠨ ᠴᠣᠯᠠ ᠵᠡᠷᠭᠡ ᠲᠡᠢ ᠬᠠᠷᠪᠤᠭᠠᠴᠢᠳ ᠲᠤᠬᠠᠢ ᠶᠢᠨ ᠴᠣᠯᠠ ᠵᠡᠷᠭᠡ ᠪᠡᠶᠡᠯᠡᠭᠦᠯᠦᠭᠰᠡᠨ ᠤᠨᠤᠭ᠎ᠠ ᠪᠠᠷ ᠢᠶᠠᠨ ᠡᠷᠡᠮᠪᠡᠯᠡᠭᠳᠡᠬᠦ ᠶᠤᠮ ᠪᠠᠶᠢᠨ᠎ᠠ᠃
ᠵᠣᠭᠰᠣᠭᠠᠯ ᠤᠨ ᠡᠷᠡᠮᠪᠡ᠄
1. ᠮᠣᠩᠭᠣᠯ ᠤᠯᠤᠰ ᠦᠨ ᠳᠠᠷᠬᠠᠨ ᠮᠡᠷᠭᠡᠨ
2. ᠮᠣᠩᠭᠣᠯ ᠤᠯᠤᠰ ᠦᠨ ᠳᠠᠶᠠᠭᠠᠷ ᠳᠠᠭᠤᠷᠢᠰᠬᠤ ᠮᠡᠷᠭᠡᠨ
3. ᠮᠣᠩᠭᠣᠯ ᠤᠯᠤᠰ ᠦᠨ ᠳᠠᠶᠢᠨ ᠮᠡᠷᠭᠡᠨ
4. ᠮᠣᠩᠭᠣᠯ ᠤᠯᠤᠰ ᠦᠨ ᠮᠡᠷᠭᠡᠨ
5. ᠬᠦᠨᠳᠦᠲᠦ ᠮᠡᠷᠭᠡᠨ
6. ᠮᠣᠩᠭᠣᠯ ᠤᠯᠤᠰ ᠦᠨ ᠭᠠᠷᠮᠠᠭᠠᠢ ᠬᠠᠷᠪᠤᠭᠠᠴᠢ
7. ᠮᠣᠩᠭᠣᠯ ᠤᠯᠤᠰ ᠦᠨ ᠭᠣᠴᠣ ᠬᠠᠷᠪᠤᠭᠠᠴᠢ ᠭᠡᠬᠦ ᠮᠡᠲᠦ ᠤᠯᠤᠰ ᠤᠨ ᠴᠣᠯᠠ ᠲᠠᠢ ᠬᠠᠷᠪᠤᠭᠠᠴᠢᠳ
8. ᠠᠶᠢᠮᠠᠭ ᠤᠨ ᠮᠡᠷᠭᠡᠨ
9. ᠠᠶᠢᠮᠠᠭ ᠤᠨ ᠭᠠᠷᠮᠠᠭᠠᠢ ᠬᠠᠷᠪᠤᠭᠠᠴᠢ
10. ᠠᠶᠢᠮᠠᠭ ᠤᠨ ᠭᠣᠴᠣ ᠬᠠᠷᠪᠤᠭᠠᠴᠢ ᠭᠡᠬᠦ ᠮᠡᠲᠦ ᠠᠶᠢᠮᠠᠭ ᠤᠨ ᠴᠣᠯᠠ ᠲᠠᠢ ᠬᠠᠷᠪᠤᠭᠠᠴᠢᠳ
11. ᠰᠫᠣᠷᠲ ᠤᠨ ᠮᠠᠰᠲ᠋ᠸᠷ
12. ᠰᠫᠣᠷᠲ ᠤᠨ ᠳᠡᠳ᠋ ᠮᠠᠰᠲ᠋ᠸᠷ
13. ᠰᠤᠮᠤ ᠶᠢᠨ ᠮᠡᠷᠭᠡᠨ
14. ᠰᠤᠮᠤ ᠶᠢᠨ ᠭᠠᠷᠮᠠᠭᠠᠢ ᠬᠠᠷᠪᠤᠭᠠᠴᠢ
15. ᠰᠤᠮᠤ ᠶᠢᠨ ᠭᠣᠴᠣ ᠬᠠᠷᠪᠤᠭᠠᠴᠢ
16. 1  ᠳᠦᠭᠡᠷ ᠵᠡᠷᠭᠡ
17. 2  ᠳ᠋ᠤᠭᠠᠷ ᠵᠡᠷᠭᠡ
18. 3  ᠳ᠋ᠤᠭᠠᠷ ᠵᠡᠷᠭᠡ
19. ᠵᠠᠯᠠᠭᠤ ᠬᠠᠷᠪᠤᠭᠠᠴᠢ

ᠰᠡᠳᠬᠢᠭᠳᠡᠯ ᠦᠯᠡᠳᠡᠭᠡᠬᠦ