ᠡᠨᠡ ᠣᠨ ᠳᠤ ᠤᠯᠤᠰ ᠤᠨ ᠬᠡᠮᠵᠢᠶᠡᠨ ᠳᠦ 389.3 ᠮᠢᠩᠭᠠᠨ ᠭᠠ ᠳᠦ ᠦᠷ᠎ᠡ ᠲᠠᠷᠢᠶ᠎ᠠ᠂ ᠡᠭᠦᠨ ᠡᠴᠡ 368.3 ᠮᠢᠩᠭᠠᠨ ᠭᠠ ᠳᠦ ᠤᠯᠠᠭᠠᠨ ᠪᠤᠭᠤᠳᠠᠢ᠂ 17.9 ᠮᠢᠩᠭᠠᠨ ᠭᠠ ᠳᠦ ᠲᠥᠮᠥᠰᠥ᠂ 9.6 ᠮᠢᠩᠭᠠᠨ ᠭᠠ ᠳᠦ ᠬᠦᠨᠡᠰᠦᠨ ᠦ ᠨᠣᠭᠣᠭ᠎ᠠ᠂ 66.5 ᠮᠢᠩᠭᠠᠨ ᠭᠠ ᠳᠦ ᠮᠠᠯ ᠤᠨ ᠲᠡᠵᠢᠭᠡᠯ᠂ 40 ᠮᠢᠩᠭᠠᠨ ᠭᠠ ᠳᠦ ᠲᠣᠰᠤᠨ ᠤ ᠤᠷᠭᠤᠮᠠᠯ᠂ 4.3 ᠮᠢᠩᠭᠠᠨ ᠭᠠ ᠳᠦ ᠵᠢᠮᠢᠰ ᠵᠢᠮᠢᠰᠬᠡᠨ᠎ᠡ᠂ ᠨᠡᠶᠢᠲᠡ ᠳᠦ ᠪᠡᠨ 527.8 ᠮᠢᠩᠭᠠᠨ ᠭᠠ ᠳᠦ ᠲᠠᠷᠢᠶᠠᠯᠠᠯᠲᠠ ᠬᠢᠬᠦ ᠪᠡᠷ ᠵᠣᠷᠢᠯᠲᠠ ᠲᠠᠯᠪᠢᠨ ᠠᠵᠢᠯᠯᠠᠭᠰᠠᠨ᠃ ᠥᠨᠥᠳᠥᠷ ᠦᠨ ᠪᠠᠶᠢᠳᠠᠯ ᠢᠶᠠᠷ ᠤᠯᠤᠰ ᠤᠨ ᠬᠡᠮᠵᠢᠶᠡᠨ ᠦ ᠲᠠᠷᠢᠶᠠᠯᠠᠯᠲᠠ 104.5 ᠬᠤᠪᠢ ᠲᠠᠢ᠂ ᠡᠭᠦᠨ ᠡᠴᠡ ᠤᠯᠠᠭᠠᠨ ᠪᠤᠭᠤᠳᠠᠢ ᠶᠢᠨ ᠲᠠᠷᠢᠶᠠᠯᠠᠯᠲᠠ 103.2 ᠬᠤᠪᠢ᠂ ᠲᠥᠮᠥᠰᠥ 87.1 ᠬᠤᠪᠢ᠂ ᠬᠦᠨᠡᠰᠦᠨ ᠦ ᠨᠣᠭᠣᠭ᠎ᠠ 81.3 ᠬᠤᠪᠢ᠂ ᠮᠠᠯ ᠤᠨ ᠲᠡᠵᠢᠭᠡᠯ 57.7 ᠬᠤᠪᠢ᠂ ᠲᠣᠰᠤᠨ ᠤ ᠤᠷᠭᠤᠮᠠᠯ 164.2 ᠬᠤᠪᠢ ᠲᠠᠢ ᠪᠠᠶᠢᠨ᠎ᠠ᠃
ᠣᠷᠣᠨ ᠨᠤᠲᠤᠭ ᠠᠴᠠ ᠠᠪᠤᠭᠰᠠᠨ ᠮᠡᠳᠡᠭᠡᠯᠡᠯ ᠢᠶᠡᠷ ᠤᠯᠠᠭᠠᠨ ᠪᠤᠭᠤᠳᠠᠢ ᠲᠠᠷᠢᠶᠠᠯᠠᠭᠰᠠᠨ ᠲᠠᠯᠠᠪᠠᠢ ᠶᠢᠨ 80 ᠣᠷᠴᠢᠮ ᠬᠤᠪᠢ ᠨᠢ ᠰᠣᠶᠣᠭᠠᠯᠠᠯᠲᠠ ᠣᠨᠴᠠ ᠰᠠᠶᠢᠨ ᠦᠨᠡᠯᠡᠭᠡ ᠲᠡᠢ ᠪᠠᠶᠢᠨ᠎ᠠ᠃ ᠡᠨᠡ ᠨᠢ 5᠂ 6 ᠳ᠋ᠤᠭᠠᠷ ᠰᠠᠷ᠎ᠠ ᠳᠤ ᠬᠤᠷ᠎ᠠ ᠲᠤᠨᠤᠳᠠᠰᠤ ᠠᠬᠢᠭᠤ ᠤᠷᠤᠭᠰᠠᠨ ᠲᠡᠢ ᠬᠣᠯᠪᠣᠭ᠎ᠠ ᠲᠠᠢ᠃ ᠵᠠᠰᠠᠭ ᠤᠨ ᠭᠠᠵᠠᠷ 316 ᠢᠷᠭᠡᠨ᠂ ᠠᠵᠤ ᠠᠬᠤᠢ ᠶᠢᠨ ᠨᠢᠭᠡᠴᠡ ᠳᠦ 38.5 ᠲᠡᠷᠪᠤᠮ ᠲᠥᠭᠥᠷᠢᠭ ᠦᠨ ᠵᠢᠭᠡᠯᠡ ᠣᠯᠭᠤᠭᠠᠳ ᠪᠠᠶᠢᠨ᠎ᠠ᠃