ᠮᠣᠩᠭᠣᠯ ᠣᠷᠣᠨ ᠢ ᠬᠠᠷᠮᠠᠭᠵᠢᠭᠤᠯᠬᠤ ᠠᠶᠠᠨ ᠦᠷᠭᠦᠯᠵᠢᠯᠡᠵᠦ ᠪᠠᠶᠢᠨ᠎ᠠ | News.MN

ᠮᠣᠩᠭᠣᠯ ᠣᠷᠣᠨ ᠢ ᠬᠠᠷᠮᠠᠭᠵᠢᠭᠤᠯᠬᠤ ᠠᠶᠠᠨ ᠦᠷᠭᠦᠯᠵᠢᠯᠡᠵᠦ ᠪᠠᠶᠢᠨ᠎ᠠ

ᠬᠠᠷᠮᠠᠭ ᠵᠢᠮᠢᠰ ᠢ ᠬᠠᠮᠠᠭᠠᠯᠠᠬᠤ᠂ ᠲᠠᠷᠢᠶᠠᠯᠠᠬᠤ᠂ ᠠᠷᠪᠢᠵᠢᠭᠤᠯᠬᠤ ᠠᠵᠢᠯ ᠢ《ᠬᠠᠲᠤᠨ ᠬᠠᠷᠮᠠᠭ ᠺᠯᠠᠰᠲ᠋ᠸᠷ ᠬᠥᠭᠵᠢᠯ ᠦᠨ ᠬᠥᠲᠥᠯᠪᠦᠷᠢ》ᠰᠠᠨᠠᠭᠠᠴᠢᠯᠠᠨ《ᠠᠮᠢᠨ ᠬᠡᠯᠬᠢᠶ᠎ᠡ ᠪᠠᠶᠢᠭᠠᠯᠢ ᠰᠠᠩ》ᠭᠦᠢᠴᠡᠳᠭᠡᠵᠦ ᠪᠠᠶᠢᠨ᠎ᠠ᠃
ᠲᠡᠳᠡ ᠰᠢᠪᠸᠷᠢᠶ᠎ᠠ ᠬᠠᠷᠮᠠᠭ ᠢ 2012 ᠣᠨ ᠠᠴᠠ ᠲᠠᠷᠢᠶᠠᠯᠠᠬᠤ ᠲᠤᠷᠰᠢᠯᠲᠠ ᠨᠤᠭᠤᠳ ᠢ ᠠᠮᠵᠢᠯᠲᠠᠲᠠᠢ ᠬᠡᠷᠡᠭᠵᠢᠭᠦᠯᠵᠦ᠂ ᠣᠳᠣ ᠶᠢᠨ ᠪᠠᠶᠢᠳᠠᠯ ᠢᠶᠠᠷ 12000 ᠦᠷᠡᠰᠯᠡᠭᠡ ᠪᠡᠯᠡᠳᠬᠡᠵᠦ᠂ ᠬᠠᠷᠮᠠᠭ ᠲᠠᠷᠢᠬᠤ ᠠᠭᠷᠣᠲ᠋ᠧᠭᠨᠢᠭ ᠢ ᠭᠠᠷᠭᠠᠭᠰᠠᠨ ᠪᠠᠶᠢᠨ᠎ᠠ᠃
ᠥᠨᠥ ᠶᠢᠨ ᠪᠠᠶᠢᠳᠠᠯ ᠢᠶᠠᠷ ᠥᠪᠦᠷᠬᠠᠩᠭᠠᠢ᠂ ᠪᠤᠯᠠᠭᠠᠨ᠂ ᠬᠡᠨᠲᠡᠢ᠂ ᠰᠡᠯᠡᠩᠭᠡ᠂ ᠳᠠᠷᠬᠠᠨ-ᠠᠭᠤᠯᠠ᠂ ᠣᠷᠬᠣᠨ᠂  ᠤᠪᠰᠤ᠂ ᠬᠥᠪᠰᠥᠭᠥᠯ᠂ ᠳᠣᠷᠣᠨᠠᠲᠤ᠂ ᠳᠤᠮᠳᠠᠭᠤᠪᠢ᠂ ᠰᠦᠬᠡᠪᠠᠭᠠᠲᠤᠷ᠂ ᠭᠤᠪᠢᠰᠦ᠋ᠮᠪᠤᠷ᠂ ᠳᠣᠷᠣᠨᠠᠭᠣᠪᠢ᠂ ᠪᠠᠶᠠᠨᠬᠣᠩᠭᠣᠷ᠂ ᠲᠥᠪ ᠠᠶᠢᠮᠠᠭ᠂ ᠤᠯᠠᠭᠠᠨᠪᠠᠭᠠᠲᠤᠷ ᠬᠤᠲᠠ ᠳᠤ ᠨᠡᠶᠢᠲᠡ 1560 ᠦᠷᠡᠰᠯᠡᠭᠡ ᠬᠦᠷᠭᠡᠭᠳᠡᠭᠡᠳ ᠪᠠᠶᠢᠨ᠎ᠠ᠃ ᠡᠮᠦᠨᠡᠭᠣᠪᠢ ᠠᠶᠢᠮᠠᠭ ᠤᠨ 15 ᠰᠤᠮᠤᠨ ᠳᠤ ᠨᠡᠶᠢᠲᠡ 3000 ᠦᠷᠡᠰᠯᠡᠭᠡ ᠶᠢ ᠪᠠᠢᠭᠠᠯᠢ ᠶᠢᠨ ᠨᠥᠬᠥᠨ ᠰᠡᠷᠭᠦᠭᠡᠯᠲᠡ ᠪᠡᠷ ᠲᠠᠷᠢᠶᠠᠯᠠᠬᠤ ᠳᠤ ᠪᠡᠯᠡᠨ ᠪᠣᠯᠭᠠᠵᠤ᠂ ᠳᠠᠯᠠᠨᠵᠠᠳᠠᠭᠠᠢᠲᠤ᠂ ᠬᠠᠨᠬᠤᠩᠭᠤᠷ᠂ ᠪᠤᠯᠠᠭᠠᠨ᠂ ᠨᠣᠮᠣᠭᠠᠨ ᠵᠡᠷᠭᠡ ᠰᠤᠮᠤᠨ ᠳᠤ ᠬᠢᠭᠡᠳ ᠪᠠᠶᠢᠨ᠎ᠠ᠃

ᠰᠡᠳᠬᠢᠭᠳᠡᠯ ᠦᠯᠡᠳᠡᠭᠡᠬᠦ