ᠰᠢᠭᠰᠢᠭᠡ ᠪᠠᠭ ᠤᠨ ᠲᠠᠮᠢᠷᠴᠢᠳ ᠣᠯᠢᠮᠫ ᠤᠨ ᠪᠡᠯᠡᠳᠬᠡᠯ ᠳᠦ ᠪᠡᠨ ᠭᠠᠷᠤᠯ᠎ᠠ | News.MN

ᠰᠢᠭᠰᠢᠭᠡ ᠪᠠᠭ ᠤᠨ ᠲᠠᠮᠢᠷᠴᠢᠳ ᠣᠯᠢᠮᠫ ᠤᠨ ᠪᠡᠯᠡᠳᠬᠡᠯ ᠳᠦ ᠪᠡᠨ ᠭᠠᠷᠤᠯ᠎ᠠ

 

ᠬᠠᠩᠭᠠᠷᠢ ᠤᠯᠤᠰ ᠤᠨ ᠨᠡᠶᠢᠰᠯᠡᠯ ᠪᠤᠲᠠᠫᠧᠱᠲ ᠬᠤᠲᠠ ᠳᠤ ᠡᠨᠡ ᠰᠠᠷ᠎ᠠ ᠶᠢᠨ 6-13  ᠳᠤ ᠵᠣᠬᠢᠶᠠᠭᠳᠠᠭᠰᠠᠨ ᠵᠢᠦ᠋ᠳᠣ᠋ ᠪᠥᠬᠡ ᠶᠢᠨ ᠨᠠᠰᠤᠨ ᠳᠤ ᠬᠦᠷᠦᠭᠰᠡᠳ ᠦᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ ᠣᠷᠣᠯᠴᠠᠭᠠᠳ ᠢᠷᠡᠭᠰᠡᠨ ᠲᠠᠮᠢᠷᠴᠢᠳ ᠲᠥᠪ ᠠᠶᠢᠮᠠᠭ ᠤᠨ ᠪᠠᠶᠠᠩᠭᠤᠤᠯ ᠤᠨ ᠠᠮᠠᠨ ᠳᠤ ᠤᠷᠤᠰᠢᠬᠤ Champions camp ᠪᠡᠯᠡᠳᠬᠡᠯ ᠦᠨ ᠪᠠᠭᠠᠽ ᠳᠤ ᠣᠯᠢᠮᠫ ᠤᠨ ᠪᠡᠯᠡᠳᠬᠡᠯ ᠳᠦ ᠪᠡᠨ ᠭᠠᠷᠤᠯ᠎ᠠ᠃
ᠰᠢᠭᠰᠢᠭᠡ ᠪᠠᠭ ᠤᠨ 40 ᠭᠠᠷᠤᠢ ᠲᠠᠮᠢᠷᠴᠢᠳ ᠪᠡᠯᠡᠳᠬᠡᠯ ᠳᠦ ᠬᠠᠮᠤᠷᠤᠭᠳᠠᠵᠤ ᠪᠠᠶᠢᠨ᠎ᠠ᠃ ᠲᠠᠮᠢᠷᠴᠢᠳ ᠠᠴᠠ ᠭᠠᠳᠠᠨ᠎ᠠ ᠡᠮᠴᠢ᠂ ᠰᠡᠳᠭᠢᠯ ᠵᠦᠢᠴᠢ᠂ ᠬᠣᠭᠣᠯᠠᠨ ᠤ ᠠᠷᠭ᠎ᠠ ᠵᠦᠢᠴᠢ ᠲᠡᠨᠳᠡ ᠠᠵᠢᠯᠯᠠᠵᠤ ᠪᠠᠢᠨ᠎ᠠ᠃

ᠰᠡᠳᠬᠢᠭᠳᠡᠯ ᠦᠯᠡᠳᠡᠭᠡᠬᠦ