ᠲᠡᠮᠦᠷ ᠦᠨ ᠬᠥᠳᠡᠷ ᠦᠨ ᠦᠨ᠎ᠡ ᠶᠡᠬᠡ ᠪᠡᠷ ᠦᠰᠴᠡᠢ | News.MN

ᠲᠡᠮᠦᠷ ᠦᠨ ᠬᠥᠳᠡᠷ ᠦᠨ ᠦᠨ᠎ᠡ ᠶᠡᠬᠡ ᠪᠡᠷ ᠦᠰᠴᠡᠢ

 

ᠲᠡᠮᠦᠷ ᠦᠨ ᠬᠥᠳᠡᠷ ᠦᠨ ᠦᠨ᠎ᠡ ᠥᠩᠭᠡᠷᠡᠭᠰᠡᠨ ᠪᠠᠰᠠᠩ ᠭᠠᠷᠠᠭ ᠲᠤ ᠰᠡᠭᠦᠯ ᠦᠨ ᠭᠤᠷᠪᠠᠨ ᠳᠣᠯᠣᠭ᠎ᠠ ᠬᠣᠨᠣᠭ ᠤᠨ ᠳᠡᠭᠡᠳᠦ ᠴᠡᠭ ᠲᠦ ᠬᠦᠷᠴᠦ ᠥᠰᠦᠭᠰᠡᠨ ᠪᠠᠶᠢᠨ᠎ᠠ᠃ ᠬᠢᠲᠠᠳ ᠤᠨ ᠭᠠᠩ ᠤᠨ ᠨᠥᠭᠡᠴᠡ ᠦᠰᠴᠦ᠂ ᠭᠠᠩ ᠤᠨ ᠦᠢᠯᠡᠳᠪᠦᠷᠢᠯᠡᠯ ᠨᠢ ᠡᠷᠴᠢᠮᠵᠢᠵᠦ ᠪᠤᠢ ᠨᠢ ᠡᠭᠦᠨ ᠳᠦ ᠨᠥᠯᠦᠭᠡᠯᠡᠵᠡᠢ᠃ ᠳᠠᠸᠠ ᠭᠠᠷᠠᠭ ᠤᠨ ᠪᠠᠶᠢᠳᠠᠯ ᠢᠶᠠᠷ ᠲᠡᠮᠦᠷ ᠦᠨ ᠬᠥᠳᠡᠷ  ᠲᠣᠨ ᠨᠢ 1247 ᠶᠤᠸᠠᠨ ᠪᠣᠯᠤᠭᠠᠳ ᠪᠠᠶᠢᠨ᠎ᠠ᠃
MySteel ᠦᠨ ᠰᠠᠨᠠᠯ ᠠᠰᠠᠭᠤᠯᠭ᠎ᠠ ᠳᠤ ᠬᠠᠮᠤᠷᠤᠭᠳᠠᠭᠰᠠᠨ ᠭᠠᠩ ᠤᠨ 184 ᠦᠢᠯᠡᠳᠪᠦᠷᠢ ᠶᠢᠨ ᠨᠥᠭᠡᠴᠡ ᠥᠩᠭᠡᠷᠡᠭᠰᠡᠨ ᠳᠣᠯᠣᠭ᠎ᠠ ᠬᠣᠨᠣᠭ ᠲᠤ 2.7 ᠬᠤᠪᠢ ᠪᠠᠷ ᠥᠰᠴᠦ᠂ ᠵᠢᠷᠭᠤᠭᠠᠨ ᠰᠠᠶ᠎ᠠ ᠲᠣᠨ ᠬᠦᠷᠴᠡᠢ᠃ ᠡᠭᠦᠨ ᠡᠴᠡ ᠭᠠᠳᠠᠨ᠎ᠠ ᠪᠷᠠᠽᠢᠯ ᠤᠨ Vale ᠺᠣᠮᠫᠠᠨᠢ ᠬᠣᠶᠠᠷ ᠠᠭᠤᠷᠬᠠᠢ ᠶᠢᠨ ᠦᠢᠯᠡ ᠠᠵᠢᠯᠯᠠᠭ᠎ᠠ ᠪᠠᠨ ᠵᠣᠭᠰᠣᠭᠠᠭᠠᠳ ᠪᠠᠶᠢᠨ᠎ᠠ᠃ ᠡᠨᠡ ᠨᠢ ᠨᠡᠶᠢᠯᠡᠭᠦᠯᠦᠯᠲᠡ ᠪᠠᠭᠤᠷᠠᠬᠤ ᠡᠷᠡᠰᠳᠡᠯ ᠡᠭᠦᠰᠬᠡᠵᠦ᠂ ᠦᠨ᠎ᠡ ᠳᠦ ᠨᠥᠯᠦᠭᠡᠯᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ