ᠠᠷᠠᠳᠴᠢᠯᠠᠭᠰᠠᠨ ᠨᠠᠮ  ᠮᠡᠳᠡᠭᠳᠡᠯ ᠭᠠᠷᠭᠠᠯ᠎ᠠ | News.MN

ᠠᠷᠠᠳᠴᠢᠯᠠᠭᠰᠠᠨ ᠨᠠᠮ  ᠮᠡᠳᠡᠭᠳᠡᠯ ᠭᠠᠷᠭᠠᠯ᠎ᠠ

ᠵᠠᠯᠠᠭᠤᠴᠤᠳ ᠨᠢᠭᠡ ᠨᠢᠭᠡᠨ ᠢᠶᠡᠨ ᠰᠣᠩᠭᠣᠭᠤᠯᠢ ᠳᠤ ᠢᠳᠡᠪᠬᠢᠲᠡᠢ ᠣᠷᠣᠯᠴᠠᠵᠤ᠂ ᠰᠤᠩᠭᠤᠬᠤ ᠡᠷᠬᠡ ᠪᠡᠨ ᠡᠳ᠋ᠯᠡᠬᠦ ᠶᠢᠨ ᠠᠴᠢ ᠬᠣᠯᠪᠣᠭᠳᠠᠯ ᠢ ᠤᠷᠢᠶᠠᠯᠠᠭᠰᠠᠨ︽ᠦᠷᠯᠦᠭᠡ︾ᠬᠥᠳᠡᠯᠭᠡᠭᠡᠨ ᠢ ᠠᠷᠠᠳᠴᠢᠯᠠᠭᠰᠠᠨ ᠨᠠᠮ ᠤᠨ  ᠥᠪᠡᠷᠰᠡᠳ ᠦᠨ ᠭᠠᠷ ᠪᠡᠶ᠎ᠡ ᠣᠷᠣᠯᠴᠠᠨ ᠴᠤᠭᠴᠠᠯᠠᠨ ᠪᠦᠲᠦᠭᠡᠭᠰᠡᠨ ᠠᠷᠠᠳᠴᠢᠯᠠᠭᠰᠠᠨ ᠡᠷᠬᠡ ᠴᠢᠯᠦᠭᠡᠲᠦ ᠨᠡᠶᠢᠭᠡᠮ ᠤᠨ ᠦᠷ᠎ᠡ ᠰᠢᠮ᠎ᠡ ᠭᠡᠵᠦ ᠦᠵᠡᠨ ᠲᠠᠯᠠᠷᠬᠠᠯ ᠲᠠᠢ ᠬᠠᠨᠳᠤᠳᠠᠭ ᠪᠢᠯᠡ᠃  ᠶᠡᠷᠦ ᠡᠴᠡ ᠲᠥᠷᠥ ᠶᠢᠨ ᠰᠣᠩᠭᠣᠭᠤᠯᠢ ᠶᠢᠨ ᠦᠢᠯᠡ ᠠᠵᠢᠯᠯᠠᠭᠠᠨ ᠳᠤ ᠦᠵᠡᠯ ᠪᠣᠳᠣᠯ ᠲᠠᠢ᠂ ᠦᠨᠡᠲᠦ ᠵᠦᠢᠯ ᠲᠡᠢ᠂ ᠡᠷᠬᠡ ᠴᠢᠯᠦᠭᠡᠲᠦ ᠪᠡᠶ᠎ᠡ ᠳᠠᠭᠠᠭᠠᠭᠰᠠᠨ ᠵᠠᠯᠠᠭᠤ ᠦᠶ᠎ᠡ ᠶᠢᠨ ᠣᠷᠣᠯᠴᠠᠭ᠎ᠠ ᠶᠢ ᠨᠡᠮᠡᠭᠳᠡᠭᠦᠯᠬᠦ ᠨᠢ ᠠᠷᠠᠳᠴᠢᠯᠠᠭᠰᠠᠨ ᠰᠢᠨ᠎ᠡ ᠦᠨᠳᠦᠰᠦᠨ ᠬᠠᠤᠯᠢ ᠶᠢᠨ ᠦᠵᠡᠯ ᠰᠠᠨᠠᠭ᠎ᠠ ᠶᠢ ᠬᠦᠨᠳᠦᠳᠬᠡᠨ ᠬᠡᠷᠡᠭᠵᠢᠭᠦᠯᠦᠭᠴᠢ ᠠᠯᠢᠪᠠ ᠢᠷᠭᠡᠨ᠂ ᠨᠠᠮ᠂ ᠡᠪᠰᠡᠯ᠂ ᠲᠥᠷᠥ ᠶᠢᠨ ᠪᠠᠶᠢᠭᠤᠯᠤᠯᠭ᠎ᠠ ᠨᠤᠭᠤᠳ ᠤᠨ ᠡᠷᠬᠢᠮ ᠵᠣᠷᠢᠯᠭ᠎ᠠ ᠪᠠᠶᠢᠬᠤ ᠤᠴᠢᠷᠲᠠᠢ᠃
ᠭᠡᠲᠡᠯ᠎ᠡ ᠵᠠᠯᠠᠭᠤ ᠰᠣᠩᠭᠣᠭᠴᠢᠳ ᠤᠨ ᠪᠣᠯᠪᠠᠰᠤᠷᠠᠯ ᠢ ᠨᠡᠮᠡᠭᠳᠡᠭᠦᠯᠬᠦ ᠳᠦ ᠴᠢᠭᠯᠡᠭᠰᠡᠨ᠂ ᠵᠠᠯᠠᠭᠤᠰ ᠢ ᠰᠠᠨᠠᠯ ᠢᠶᠠᠨ ᠥᠭᠬᠦ ᠶᠢ ᠤᠷᠢᠶᠠᠯᠠᠭᠰᠠᠨ︽ᠦᠷᠯᠦᠭᠡ︾ᠬᠥᠳᠡᠯᠭᠡᠭᠡᠨ ᠢ ᠲᠥᠷᠥ ᠶᠢᠨ ᠪᠠᠶᠢᠭᠤᠯᠤᠯᠭ᠎ᠠ  ᠬᠣᠷᠢᠭᠯᠠᠵᠤ᠂ ᠦᠢᠯᠡ ᠠᠵᠢᠯᠯᠠᠭ᠎ᠠ ᠶᠢ ᠨᠢ ᠵᠣᠭᠰᠣᠬᠤ ᠰᠢᠢᠳᠪᠦᠷᠢ ᠭᠠᠷᠭᠠᠭᠰᠠᠨ ᠢ ᠠᠷᠠᠳᠴᠢᠯᠠᠭᠰᠠᠨ ᠨᠠᠮ ᠡᠷᠡᠰ ᠡᠰᠡᠷᠭᠦᠴᠡᠵᠦ ᠪᠠᠶᠢᠨ᠎ᠠ᠃ ᠡᠨᠡ ᠪᠣᠯ ᠵᠠᠯᠠᠭᠤᠰ ᠤᠨ ᠢᠲᠡᠭᠡᠯ ᠮᠥᠷᠥᠭᠡᠳᠦᠯ ᠢ ᠨᠤᠬᠤᠴᠢᠨ ᠳᠠᠷᠤᠵᠤ ᠪᠠᠶᠢᠭ᠎ᠠ ᠪᠦᠳᠦᠭᠦᠯᠢᠭ᠂ ᠦᠨᠳᠦᠰᠦᠨ ᠬᠠᠤᠯᠢ ᠶᠢᠨ 16.16  ᠳ᠋ᠤᠭᠠᠷ ᠵᠤᠷᠪᠤᠰ ᠢ ᠵᠥᠷᠢᠴᠡᠭᠰᠡᠨ ᠨᠣᠴᠢᠲᠠᠢ ᠦᠢᠯᠡᠳᠦᠯ ᠭᠡᠵᠦ ᠦᠵᠡᠵᠦ ᠪᠠᠶᠢᠨ᠎ᠠ᠃ ᠡᠷᠬᠡ ᠪᠠᠷᠢᠭᠴᠢᠳ ᠲᠥᠷᠥ ᠶᠢᠨ ᠪᠦᠬᠦ ᠱᠠᠲᠤᠨ ᠤ ᠪᠠᠢᠭᠤᠯᠤᠯᠭ᠎ᠠ ᠶᠢ ᠮᠣᠩᠭᠣᠯ ᠤᠯᠤᠰ ᠲᠤ ᠠᠷᠠᠳᠴᠢᠯᠠᠯ ᠬᠦᠮᠦᠨ ᠦ ᠡᠷᠬᠡ ᠶᠢᠨ ᠡᠰᠡᠷᠭᠦ ᠠᠰᠢᠭᠯᠠᠵᠤ ᠪᠤᠢ ᠳᠤ ᠭᠦᠨ᠎ᠡ ᠬᠠᠷᠠᠮᠰᠠᠵᠤ᠂ ᠳᠠᠷᠤᠩᠭᠤᠶᠢᠯᠠᠯ ᠦᠭᠡᠢ ᠮᠣᠩᠭᠣᠯ ᠤᠨ ᠲᠥᠯᠥᠭᠡ ᠪᠢᠳᠡᠨ ᠲᠡᠢ ᠬᠠᠮᠲᠤᠷᠠᠨ ᠲᠡᠮᠡᠴᠡᠬᠦ ᠶᠢ ᠨᠡᠶᠢᠲᠡ ᠰᠣᠩᠭᠣᠭᠴᠢᠳ ᠲᠤ ᠪᠠᠨ ᠤᠷᠢᠶᠠᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ