ᠪ ∙ ᠪᠠᠲᠤᠴᠡᠴᠡᠭ ᠦᠨ ᠣᠷᠣᠰ ᠳᠠᠬᠢ ᠠᠶᠢᠯᠴᠢᠯᠠᠯ ᠡᠬᠢᠯᠡᠯ᠎ᠡ | News.MN

ᠪ ∙ ᠪᠠᠲᠤᠴᠡᠴᠡᠭ ᠦᠨ ᠣᠷᠣᠰ ᠳᠠᠬᠢ ᠠᠶᠢᠯᠴᠢᠯᠠᠯ ᠡᠬᠢᠯᠡᠯ᠎ᠡ

 

ᠮᠣᠩᠭᠣᠯ ᠤᠯᠤᠰ ᠤᠨ ᠭᠠᠳᠠᠭᠠᠳᠤ ᠬᠠᠷᠢᠯᠴᠠᠭᠠᠨ ᠤ ᠰᠠᠶᠢᠳ ᠪ∙ᠪᠠᠲᠤᠴᠡᠴᠡᠭ ᠦᠨ ᠣᠷᠣᠰ  ᠤᠨ ᠭᠠᠳᠠᠭᠠᠳᠤ ᠬᠡᠷᠡᠭ ᠦᠨ ᠰᠠᠶᠢᠳ ᠰ∙ᠸ∙ᠯᠠᠪᠠᠷᠤᠸ᠋ ᠤᠨ ᠤᠷᠢᠯᠭ᠎ᠠ ᠪᠠᠷ ᠣᠷᠣᠰ  ᠲᠤ ᠬᠢᠬᠦ ᠠᠶᠢᠯᠴᠢᠯᠠᠯ  5 ᠳ᠋ᠤᠭᠠᠷ ᠰᠠᠷ᠎ᠠ ᠶᠢᠨ 30 ᠡᠳᠦᠷ ᠡᠬᠢᠯᠡᠯ᠎ᠡ᠃  ᠪ∙ᠪᠠᠲᠤᠴᠡᠴᠡᠭ ᠲᠡᠷᠢᠭᠦᠲᠡᠢ ᠲᠥᠯᠥᠭᠡᠯᠡᠭᠴᠢᠳ ᠢ ᠮᠣᠩᠭᠣᠯ᠂ ᠣᠷᠣᠰ ᠤᠨ ᠠᠯᠲᠠᠨᠪᠤᠯᠠᠭ-ᠬᠢᠶᠠᠭᠲᠤ ᠪᠣᠭᠣᠮᠲᠠ ᠪᠠᠷ ᠬᠢᠯᠢ ᠨᠡᠪᠲᠡᠷᠡᠬᠦ ᠳᠦ ᠣᠷᠣᠰ ᠤᠨ ᠪᠦᠭᠦᠳᠡ ᠨᠠᠶᠢᠷᠠᠮᠳᠠᠬᠤ ᠪᠤᠷᠢᠶᠠᠳ ᠤᠯᠤᠰ ᠤᠨ ᠰᠤᠶᠤᠯ ᠤᠨ ᠰᠠᠶᠢᠳ ᠰ∙ᠪ∙  ᠳ᠋ᠠᠭᠠᠶ᠋ᠸᠸ᠎ᠠ᠂ ᠮᠣᠩᠭᠣᠯ ᠤᠯᠤᠰ ᠲᠠᠢ ᠬᠠᠮᠲᠤᠷᠠᠨ ᠠᠵᠢᠯᠯᠠᠬᠤ ᠠᠰᠠᠭᠤᠳᠠᠯ ᠬᠠᠷᠢᠭᠤᠴᠠᠭᠰᠠᠨ ᠰᠠᠶᠢᠳ ᠳ∙ᠱ∙ᠴᠢᠷᠢᠫᠣᠪ ᠨᠠᠷ ᠤᠭᠲᠤᠨ ᠠᠪᠴᠤ᠂ ᠣᠷᠣᠰ ᠵᠠᠩᠰᠢᠯ ᠢᠶᠠᠷ ᠬᠦᠨᠳᠦᠳᠬᠡᠯ ᠦᠵᠡᠭᠦᠯᠪᠡ᠃
ᠪ∙ᠪᠠᠲᠤᠴᠡᠴᠡᠭ ᠲᠡᠷᠢᠭᠦᠲᠡᠢ ᠲᠥᠯᠥᠭᠡᠯᠡᠭᠴᠢᠳ ᠬᠢᠶᠠᠭᠲᠤ ᠪᠣᠭᠣᠮᠲᠠ ᠳᠡᠭᠡᠷ᠎ᠡ ᠶᠠᠪᠤᠭᠳᠠᠵᠤ ᠪᠤᠢ ᠥᠷᠭᠡᠳᠬᠡᠯ ᠰᠢᠨᠡᠴᠢᠯᠡᠯ ᠦᠨ ᠠᠵᠢᠯ ᠤᠨ ᠶᠠᠪᠤᠴᠠ ᠲᠠᠢ ᠲᠠᠨᠢᠯᠴᠠᠭᠰᠠᠨ ᠤ ᠳᠠᠷᠠᠭ᠎ᠠ ᠪᠠᠷ ᠬᠢᠶᠠᠭᠲᠤ ᠬᠣᠲᠠ ᠳᠠᠬᠢ 《ᠮᠣᠩᠭᠣᠯ-ᠣᠷᠣᠰ ᠤᠨ ᠨᠠᠶᠢᠷᠠᠮᠳᠠᠯ ᠤᠨ ᠮᠦᠽᠧᠢ》ᠪᠣᠯᠤᠨ《ᠳ∙ᠰᠦᠬᠡᠪᠠᠭᠠᠲᠤᠷ ᠤᠨ ᠨᠢᠭᠤᠴᠠ ᠪᠠᠶᠢᠷᠢ ᠪᠣᠯᠬᠤ ᠭᠡᠷ ᠮᠦᠽᠧᠢ》ᠲᠡᠢ ᠲᠠᠨᠢᠯᠴᠠᠨ᠂ ᠵᠠᠩᠵᠤᠨ ᠳ∙ᠰᠦᠬᠡᠪᠠᠭᠠᠲᠤᠷ ᠤᠨ ᠬᠦᠰᠢᠶᠡᠨ ᠳᠦ ᠴᠡᠴᠡᠭ ᠡᠷᠭᠦᠪᠡ᠃
ᠪ∙ᠪᠠᠲᠤᠴᠡᠴᠡᠭ ᠠᠶᠢᠯᠴᠢᠯᠠᠯ ᠬᠢᠬᠦ ᠶᠢᠨ ᠵᠡᠷᠭᠡᠴᠡᠭᠡ ᠫᠸᠲᠸᠷᠪᠦ᠋ᠷᠡᠭ ᠦᠨ ᠣᠯᠠᠨ ᠤᠯᠤᠰ ᠤᠨ ᠡᠳ᠋ ᠦᠨ ᠵᠠᠰᠠᠭ ᠤᠨ ᠴᠢᠭᠤᠯᠭ᠎ᠠ ᠠᠭᠤᠯᠵᠠᠯᠲᠠ ᠳᠤ ᠣᠷᠣᠯᠴᠠᠨ᠎ᠠ᠃

ᠰᠡᠳᠬᠢᠭᠳᠡᠯ ᠦᠯᠡᠳᠡᠭᠡᠬᠦ