ᠨ᠊ ·ᠲᠦᠪᠰᠢᠨᠪᠠᠶᠠᠷ ᠣᠯᠢᠮᠫᠢᠺ ᠤᠨ ᠬᠤᠷᠢᠶᠠᠨ ᠤ ᠶᠡᠷᠦᠩᠬᠡᠶᠢᠯᠡᠭᠴᠢ ᠶ᠋ᠢᠨ ᠠᠵᠢᠯ ᠢᠶᠡᠨ ᠥᠭᠭᠦᠨ᠎ᠡ | News.MN

ᠨ᠊ ·ᠲᠦᠪᠰᠢᠨᠪᠠᠶᠠᠷ ᠣᠯᠢᠮᠫᠢᠺ ᠤᠨ ᠬᠤᠷᠢᠶᠠᠨ ᠤ ᠶᠡᠷᠦᠩᠬᠡᠶᠢᠯᠡᠭᠴᠢ ᠶ᠋ᠢᠨ ᠠᠵᠢᠯ ᠢᠶᠡᠨ ᠥᠭᠭᠦᠨ᠎ᠡ

 

︽ᠬᠥᠮᠥᠨ ᠤ ᠪᠡᠶ᠎ᠡ ᠳ᠋ᠥ ᠰᠠᠨᠠᠭ᠎ᠠ ᠲᠠᠢ ᠪᠠᠷ ᠬᠦᠨᠳᠦ ᠭᠡᠮᠲᠦᠯ ᠤᠴᠠᠷᠠᠭᠤᠯᠤᠭᠰᠠᠨ ︾ᠭᠡᠮᠲᠦ ᠬᠡᠷᠡᠭ ᠲᠥ ᠶᠠᠯᠠᠯᠠᠭᠳᠠᠭᠴᠢ ᠪᠠᠷ ᠰᠢᠯᠭᠠᠭᠳᠠᠵᠤ ᠪᠤᠢ ᠨ᠊·ᠲᠦᠪᠰᠢᠨᠪᠠᠶᠠᠷ ᠶᠣᠰᠣ ᠵᠦᠢ ᠶ᠋ᠢᠨ ᠬᠠᠷᠢᠭᠤᠴᠠᠯᠭ᠎ᠠ ᠬᠦᠯᠢᠶᠡᠵᠦ ᠮᠣᠩᠭᠣᠯ ᠤᠨ ᠦᠨᠳᠦᠰᠦᠨ ᠤ ᠣᠯᠢᠮᠫᠢᠺ ᠤᠨ ᠬᠤᠷᠢᠶᠠᠨ ᠤ ᠶᠡᠷᠦᠩᠬᠡᠶᠢᠯᠡᠭᠴᠢ ᠶ᠋ᠢᠨ ᠠᠵᠢᠯ ᠢᠶᠡᠨ ᠬᠦᠯᠢᠶᠡᠯᠭᠡᠨ ᠥᠭᠬᠦ ᠪᠡᠷ ᠪᠣᠯᠣᠭᠰᠠᠨ ᠢᠶᠡᠨ ᠮᠡᠳᠡᠭᠳᠡᠵᠡᠢ ᠃

ᠳᠡᠳ᠋ ᠶᠡᠷᠦᠩᠬᠡᠶᠢᠯᠡᠭᠴᠢ ᠨᠢ ᠴ᠊· ᠨᠠᠷᠠᠨᠪᠠᠭᠠᠲᠤᠷ ᠬᠡᠪᠯᠡᠯ ᠳ᠋ᠥ ᠥᠭᠭᠦᠭᠰᠡᠨ ᠶᠠᠷᠢᠯᠴᠠᠯᠭ᠎ᠠ ᠳ᠋ᠠᠭᠠᠨ᠄ ᠤᠯᠠᠨ ᠤᠯᠤᠰ ᠤᠨ ᠣᠯᠢᠮᠫᠢᠺ ᠤᠨ ᠬᠣᠷᠢᠶᠠᠨ ᠡᠴᠠ ᠨ᠊·ᠲᠦᠪᠰᠢᠨᠪᠠᠶᠠᠷ ᠲᠤ ᠶᠣᠰᠣ ᠵᠦᠢ ᠶ᠋ᠢᠨ ᠶᠠᠮᠠᠷ ᠬᠠᠷᠢᠭᠤᠴᠠᠯᠭ᠎ᠠ ᠲᠣᠭᠠᠴᠠᠬᠤ ᠲᠠᠯ᠎ᠠ ᠪᠡᠷ ᠠᠯᠪᠠᠨ ᠪᠢᠴᠢᠭ ᠬᠡᠳᠦ ᠬᠡᠳᠦᠨ ᠤᠳᠠᠭ᠎ᠠ ᠢᠷᠡᠭᠰᠡᠨ ᠃ ᠬᠡᠳᠦ ᠬᠣᠨᠣᠭ ᠤᠨ ᠡᠮᠦᠨ᠎ᠡ ᠠᠭᠤᠯᠵᠠᠬᠤ ᠳ᠋ᠤ ᠨ᠊ ·ᠲᠦᠪᠰᠢᠨᠪᠠᠶᠠᠷ ᠡᠷᠭᠦᠳᠡᠯ ᠢᠶ᠋ᠡᠨ ᠥᠭᠭᠦᠶ᠎ᠡ ᠭᠡᠰᠡᠨ  ᠬᠡᠮᠡᠨ ᠬᠡᠯᠡᠵᠡᠢ ᠃

ᠰᠡᠳᠬᠢᠭᠳᠡᠯ ᠦᠯᠡᠳᠡᠭᠡᠬᠦ