ᠵᠢᠭᠡᠯᠡᠯᠭᠡ ᠦᠭᠡᠢ ᠪᠠᠶᠢᠭᠰᠠᠨ ᠠᠬᠠᠮᠠᠳ ᠲᠤ ᠰᠠᠶ᠎ᠠ ᠲᠥᠭᠥᠷᠢᠭ ᠣᠯᠭᠣᠵᠠᠢ | News.MN

ᠵᠢᠭᠡᠯᠡᠯᠭᠡ ᠦᠭᠡᠢ ᠪᠠᠶᠢᠭᠰᠠᠨ ᠠᠬᠠᠮᠠᠳ ᠲᠤ ᠰᠠᠶ᠎ᠠ ᠲᠥᠭᠥᠷᠢᠭ ᠣᠯᠭᠣᠵᠠᠢ

 

ᠲᠡᠳᠬᠦᠪᠦᠷᠢ ᠶ᠋ᠢᠨ ᠵᠢᠭᠡᠯᠡᠯᠭᠡ ᠶ᠋ᠢ ᠲᠢᠭᠯᠡᠬᠦ ᠲᠤᠬᠠᠢ ᠬᠠᠤᠯᠢ ᠶ᠋ᠢ 2020 ᠣᠨ ᠤ ᠨᠢᠭᠡᠳᠦᠭᠡᠷ ᠰᠠᠷ᠎ᠠ ᠶ᠋ᠢᠨ 10 ᠤ ᠡᠳᠦᠷ ᠤᠯᠤᠰ ᠤᠨ ᠶᠡᠬᠡ ᠬᠤᠷᠠᠯ ᠪᠠᠲᠤᠯᠠᠵᠤ᠂ ᠨᠡᠶᠢᠭᠡᠮ ᠦᠨ ᠳᠠᠭᠠᠳᠬᠠᠯ ᠤᠨ ᠰᠠᠩ ᠡᠴᠠ ᠲᠡᠳᠬᠦᠪᠦᠷᠢ ᠪᠡᠨ ᠪᠠᠷᠢᠴᠠᠭᠠᠯᠠᠵᠤ ᠵᠢᠭᠡᠯᠡᠯᠭᠡ ᠠᠪᠤᠭᠰᠠᠨ ᠢᠷᠭᠡᠳ ᠤᠨ ᠵᠢᠷᠭᠤᠭᠠᠨ ᠰᠠᠶ᠎ᠠ ᠬᠦᠷᠲᠡᠯᠡᠬᠢ ᠲᠥᠭᠥᠷᠢᠭ ᠤᠨ ᠵᠢᠭᠡᠯᠡᠯᠭᠡ ᠶ᠋ᠢ ᠲᠢᠭᠯᠡᠭᠰᠡᠨ ᠶᠤᠮ ᠃ ᠢᠩᠭᠢᠭᠡᠳ 228.5 ᠮᠢᠩᠭᠠᠨ ᠠᠬᠠᠮᠠᠳ ᠤᠨ 694.9 ᠲᠡᠷᠪᠤᠮ ᠲᠥᠭᠥᠷᠢᠭ ᠦᠨ ᠵᠢᠭᠡᠯᠡᠯᠭᠡ ᠶ᠋ᠢ ᠲᠢᠭᠯᠡᠭᠰᠡᠨ ᠃

ᠬᠠᠷᠢᠨ ᠲᠡᠳᠬᠦᠪᠦᠷᠢ ᠶ᠋ᠢᠨ ᠵᠢᠭᠡᠯᠡᠯᠭᠡ ᠦᠭᠡᠢ ᠪᠠᠶᠢᠭᠰᠠᠨ ᠠᠬᠠᠮᠠᠳ ᠤᠳ ᠲᠤ ᠡᠨᠡ ᠰᠠᠷ᠎ᠠ ᠶ᠋ᠢᠨ 9 ᠡᠴᠡ ᠰᠠᠶ᠎ᠠ ᠲᠥᠭᠥᠷᠢᠭ ᠢ ᠣᠯᠭᠣᠵᠤ ᠡᠬᠢᠯᠡᠭᠰᠡᠨ ᠶᠤᠮ ᠃ ᠬᠥᠳᠡᠯᠮᠦᠷᠢ ᠂ ᠨᠡᠶᠢᠭᠡᠮ ᠤᠨ ᠬᠠᠮᠠᠭᠠᠯᠠᠯ ᠤᠨ ᠰᠠᠶᠢᠳ ᠤᠨ ᠮᠡᠳᠡᠭᠡᠯᠡᠭᠰᠡᠨ ᠢᠶ᠋ᠡᠷ 194,100 ᠠᠬᠠᠮᠠᠳ ᠲᠤ 194 ᠲᠡᠷᠪᠤᠮ ᠲᠥᠭᠥᠷᠢᠭ ᠂ ᠨᠢᠭᠡ ᠰᠠᠶ᠎ᠠ ᠲᠥᠭᠥᠷᠢᠭ ᠡᠴᠡ ᠳᠣᠭᠣᠭᠰᠢ ᠵᠢᠭᠡᠯᠡᠯᠭᠡ ᠲᠠᠢ ᠪᠠᠶᠢᠭᠰᠠᠨ 43,900 ᠠᠬᠠᠮᠠᠳ ᠲᠤ 21.4 ᠲᠡᠷᠪᠤᠮ ᠲᠥᠭᠥᠷᠢᠭ ᠪᠤᠶᠤ ᠨᠡᠶᠢᠲᠡ 216 ᠲᠡᠷᠪᠤᠮ ᠲᠥᠭᠥᠷᠢᠭ  ᠣᠯᠭᠣᠵᠤ ᠳᠠᠭᠤᠰᠴᠠᠢ ᠃

ᠰᠡᠳᠬᠢᠭᠳᠡᠯ ᠦᠯᠡᠳᠡᠭᠡᠬᠦ