ᠲᠠᠷᠢᠶᠠᠯᠠᠩᠴᠢᠳ ᠠᠵᠢᠯ ᠤᠨ ᠢᠶᠡᠨ ᠬᠠᠭᠠᠰ ᠢ  ᠨᠤᠭᠤᠯᠤᠯ᠎ᠠ  | News.MN

ᠲᠠᠷᠢᠶᠠᠯᠠᠩᠴᠢᠳ ᠠᠵᠢᠯ ᠤᠨ ᠢᠶᠡᠨ ᠬᠠᠭᠠᠰ ᠢ  ᠨᠤᠭᠤᠯᠤᠯ᠎ᠠ 

 

ᠤᠯᠤᠰ ᠤᠨ ᠬᠡᠮᠵᠢᠶᠡᠨ ᠳ᠋ᠥ 197 ᠮᠢᠩᠭᠠᠨ ᠭᠠ ᠳ᠋ᠥ ᠦᠷ᠎ᠡ ᠲᠠᠷᠢᠶ᠎ᠠ ᠂ ᠡᠭᠦᠨ ᠡᠴᠡ 191 ᠮᠢᠩᠭᠠᠨ  ᠭᠠ ᠳ᠋ᠥ ᠤᠯᠠᠭᠠᠨ ᠪᠤᠭᠤᠳᠠᠢ ᠂ 7.2 ᠮᠢᠩᠭᠠᠨ ᠭᠠ ᠳ᠋ᠥ ᠲᠥᠮᠥᠰᠥ ᠂ 1.8 ᠮᠢᠩᠭᠠᠨ ᠭᠠ ᠳ᠋ᠥ ᠬᠦᠨᠡᠰᠦᠨ ᠤ ᠨᠣᠭᠣᠭ᠎ᠠ ᠂ 2.2 ᠮᠢᠩᠭᠠᠨ ᠭᠠ ᠳ᠋ᠥ ᠮᠠᠯ ᠤᠨ ᠲᠡᠵᠢᠭᠡᠯ ᠂ 5.7 ᠮᠢᠩᠭᠠᠨ ᠭᠠ ᠳ᠋ᠥ ᠲᠣᠰᠣᠨ ᠤ ᠤᠷᠭᠤᠮᠠᠯ ᠂ ᠨᠡᠶᠢᠲᠡ ᠳ᠋ᠦ ᠪᠡᠨ 216 ᠮᠢᠩᠭᠠᠨ ᠭᠠ ᠳ᠋ᠥ ᠲᠠᠷᠢᠶᠠᠯᠠᠯᠲᠠ ᠬᠢᠨ᠎ᠡ᠃  ᠤᠳᠤ ᠪᠠᠷ ᠦᠷ᠎ᠡ ᠲᠠᠷᠢᠶᠠᠨ ᠤ ᠲᠠᠷᠢᠶᠠᠯᠠᠯᠲᠠ 50.8 ᠬᠤᠪᠢ ᠲᠠᠢ ᠂ ᠡᠭᠦᠨ ᠡᠴᠡ ᠤᠯᠠᠭᠠᠨ ᠪᠤᠭᠤᠳᠠᠢ ᠶ᠋ᠢᠨ ᠲᠠᠷᠢᠶᠠᠯᠠᠯᠲᠠ 52 ᠬᠤᠪᠢ ᠂ ᠲᠥᠮᠥᠰᠥ 40 ᠬᠤᠪᠢ ᠂ ᠬᠦᠨᠡᠰᠦᠨ ᠤ ᠨᠣᠭᠣᠭ᠎ᠠ 23 ᠬᠤᠪᠢ ᠂ ᠮᠠᠯ ᠤᠨ ᠲᠡᠵᠢᠭᠡᠯ 2.3 ᠬᠤᠪᠢ ᠂ ᠲᠣᠰᠣᠨ ᠤ ᠤᠷᠭᠤᠮᠠᠯ 14 ᠬᠤᠪᠢ ᠲᠠᠢ ᠪᠠᠶᠢᠨ᠎ᠠ ᠃

︽ᠬᠦᠨᠡᠰᠦᠨ  ᠤ ᠨᠣᠭᠣᠭ᠎ᠠ ︾ᠦᠨᠳᠦᠰᠦᠨ ᠤ ᠬᠥᠲᠥᠯᠪᠦᠷᠢ ᠶ᠋ᠢᠨ ᠬᠦᠷᠢᠶᠡᠨ ᠳ᠋ᠥ ︽ᠡᠷᠦᠬᠡ ᠶ᠋ᠢᠨ ᠲᠠᠷᠢᠶᠠᠯᠠᠩ ︾ᠬᠥᠳᠡᠯᠭᠡᠭᠡᠨ ᠥᠷᠨᠢᠭᠦᠯᠵᠦ ᠲᠠᠷᠢᠶᠠᠯᠠᠬᠤ ᠲᠠᠯᠠᠪᠠᠢ ᠂ ᠬᠤᠷᠢᠶᠠᠨ ᠠᠪᠬᠤ ᠤᠷᠭᠤᠴᠠ ᠶ᠋ᠢᠨ ᠬᠡᠮᠵᠢᠶ᠎ᠡ ᠶ᠋ᠢ ᠨᠡᠮᠡᠭᠳᠡᠭᠦᠯᠦᠨ ᠂ ᠬᠠᠩᠭᠠᠮᠵᠢ ᠶ᠋ᠢ ᠲᠣᠭᠲᠠᠪᠤᠷᠢᠵᠢᠭᠤᠯᠬᠤ ᠵᠣᠷᠢᠯᠭ᠎ᠠ ᠪᠡᠷ ᠤᠯᠤᠰ ᠤᠨ ᠲᠥᠰᠥᠪ ᠤᠨ 1.89 ᠲᠡᠷᠪᠤᠮ ᠲᠥᠭᠥᠷᠢᠭ ᠤᠨ ᠬᠥᠷᠥᠩᠭᠡ ᠪᠡᠷ 10 ᠨᠡᠷ᠎ᠡ ᠲᠥᠷᠥᠯ ᠤᠨ 176 ᠲᠣᠨ ᠢᠯᠡ ᠲᠠᠯᠠᠪᠠᠢ  ᠪᠣᠯᠣᠨ ᠬᠦᠯᠡᠮᠵᠢ ᠶ᠋ᠢᠨ ᠨᠣᠭᠣᠭᠠᠨ ᠤ ᠦᠷ᠎ᠡ ᠬᠤᠳᠠᠯᠳᠤᠨ ᠠᠪᠴᠤ ᠂ ᠨᠣᠭᠣᠭᠠᠨ ᠤ ᠦᠷ᠎ᠡ ᠶ᠋ᠢᠨ ᠦᠨ᠎ᠡ ᠶ᠋ᠢ 80 ᠬᠤᠪᠢ ᠪᠡᠷ ᠬᠥᠩᠭᠡᠯᠡᠵᠦ ᠲᠠᠷᠢᠶᠠᠯᠠᠩ ᠪᠦᠬᠦᠢ ᠢᠷᠭᠡᠨ ᠂ ᠠᠵᠤ ᠠᠬᠤᠢ ᠶ᠋ᠢᠨ ᠨᠢᠭᠡᠴᠢ ᠳ᠋ᠥ ᠣᠯᠭᠣᠭᠰᠠᠨ  ᠶᠤᠮ᠃

ᠰᠡᠳᠬᠢᠭᠳᠡᠯ ᠦᠯᠡᠳᠡᠭᠡᠬᠦ