ᠰᠣᠶᠣᠯ ᠤᠨ ᠰᠠᠯᠪᠤᠷᠢ ᠶ᠋ᠢᠨ ᠵᠠᠯᠠᠭᠤᠴᠤᠳ ᠤᠨ ᠬᠥᠭᠵᠢᠯ ᠤᠨ ᠲᠥᠪ ᠵᠥᠪᠯᠡᠯ ᠪᠠᠶᠢᠭᠤᠯᠤᠭᠳᠠᠯ᠎ᠠ | News.MN

ᠰᠣᠶᠣᠯ ᠤᠨ ᠰᠠᠯᠪᠤᠷᠢ ᠶ᠋ᠢᠨ ᠵᠠᠯᠠᠭᠤᠴᠤᠳ ᠤᠨ ᠬᠥᠭᠵᠢᠯ ᠤᠨ ᠲᠥᠪ ᠵᠥᠪᠯᠡᠯ ᠪᠠᠶᠢᠭᠤᠯᠤᠭᠳᠠᠯ᠎ᠠ

 

ᠮᠣᠩᠭᠣᠯ ᠤᠯᠤᠰ ᠤᠨ ᠰᠣᠶᠣᠯ ᠤᠨ ᠶᠠᠮᠤᠨ ᠤ ᠰᠠᠶᠢᠳ ᠤᠨ ᠲᠤᠰᠢᠶᠠᠯ ᠢᠶᠠᠷ ᠰᠣᠶᠣᠯ ᠤᠨ ᠶᠠᠮᠤᠨ ᠤ ᠵᠠᠯᠠᠭᠤᠴᠤᠳ ᠤᠨ ᠬᠥᠭᠵᠢᠯ ᠤᠨ ᠵᠥᠪᠯᠡᠯ ᠪᠠᠢᠭᠤᠯᠤᠭᠳᠠᠵᠤ᠂ ᠠᠩᠬᠠᠳᠤᠭᠠᠷ ᠬᠤᠷᠠᠯᠳᠤᠭᠠᠨ ᠢᠶᠠᠷ 2021 ᠣᠨ ᠤ ᠦᠢᠯᠡ ᠠᠵᠢᠯᠯᠠᠭᠠᠨ ᠤ ᠲᠥᠯᠥᠪᠯᠡᠭᠡ ᠂ ᠶᠠᠮᠤᠨ ᠤ ᠳᠡᠷᠭᠡᠳᠡᠬᠢ ᠵᠥᠪᠯᠡᠯ  ᠦᠨ ᠳᠦᠷᠢᠮ  ᠤᠨ ᠲᠥᠰᠥᠯ ᠢ ᠬᠡᠯᠡᠯᠴᠡᠭᠰᠡᠨ ᠪᠠᠶᠢᠨ᠎ᠠ ᠃ ᠵᠠᠯᠠᠭᠤᠴᠤᠳ ᠤᠨ ᠬᠥᠭᠵᠢᠯ  ᠤᠨ ᠵᠥᠪᠯᠡᠯ ᠤᠨ ᠳᠠᠷᠤᠭ᠎ᠠ ᠪᠡᠷ ᠰᠣᠶᠣᠯ ᠤᠨ ᠶᠠᠮᠤᠨ ᠤ ᠰᠲ᠋ᠷᠡᠲ᠋ᠸᠬᠢ ᠂ ᠪᠣᠳᠣᠯᠭ᠎ᠠ ᠲᠥᠯᠥᠪᠯᠡᠯᠲᠡ ᠶ᠋ᠢᠨ ᠭᠠᠵᠠᠷ ᠤᠨ ᠰᠢᠨᠵᠢᠭᠡᠴᠢ ᠡ᠊·ᠴᠡᠩᠳᠡᠠ᠋ᠶᠤᠰᠢ  ᠲᠤᠮᠢᠯᠠᠭᠳᠠᠪᠠ᠃

ᠲᠤᠰ ᠵᠥᠪᠯᠡᠯ ᠨᠢ ᠰᠣᠶᠣᠯ ᠤᠨ ᠰᠠᠯᠪᠤᠷᠢ ᠶ᠋ᠢᠨ ᠵᠠᠯᠠᠭᠤᠴᠤᠳ ᠲᠤ ᠠᠵᠢᠯᠯᠠᠬᠤ ᠂ ᠠᠮᠢᠳᠤᠷᠠᠬᠤ ᠂ ᠬᠥᠭᠵᠢᠬᠦ ᠲᠠᠭᠠᠲᠠᠢ ᠣᠷᠴᠢᠨ ᠢ ᠪᠦᠷᠢᠳᠦᠭᠦᠯᠬᠦ ᠳ᠋ᠥ ᠰᠠᠯᠪᠤᠷᠢ ᠳᠤᠮᠳᠠ ᠶ᠋ᠢᠨ ᠤᠶᠠᠯᠳᠤᠭ᠎ᠠ ᠶ᠋ᠢ ᠬᠠᠩᠭᠠᠬᠤ ᠂ ᠲᠥᠷᠥ ᠡᠴᠡ ᠠᠪᠴᠤ ᠬᠡᠷᠡᠭᠵᠢᠭᠦᠯᠵᠦ ᠪᠤᠢ ᠦᠢᠯᠡ ᠠᠵᠢᠯᠯᠠᠭ᠎ᠠ ᠳ᠋ᠤ ᠵᠠᠯᠠᠭᠤᠴᠤᠳ ᠤᠨ ᠣᠷᠣᠯᠴᠠᠭ᠎ᠠ ᠶ᠋ᠢ ᠪᠤᠢ ᠪᠣᠯᠭᠠᠬᠤ ᠂ ᠵᠠᠯᠠᠭᠤᠴᠤᠳ ᠤᠨ ᠦᠵᠡᠯ ᠪᠣᠳᠣᠯ ᠂ ᠰᠠᠨᠠᠯ ᠰᠠᠨᠠᠭᠠᠴᠢᠯᠠᠭ᠎ᠠ ᠶ᠋ᠢ ᠳᠡᠮᠵᠢᠬᠦ ᠵᠠᠮ ᠢᠶᠠᠷ ᠪᠦᠲᠦᠭᠡᠨ ᠲᠤᠭᠤᠷᠪᠢᠬᠤ ᠪᠣᠯᠣᠮᠵᠢ ᠶ᠋ᠢ ᠪᠦᠷᠢᠳᠦᠭᠦᠯᠵᠦ ᠂ ᠰᠠᠯᠪᠤᠷᠢ ᠶ᠋ᠢᠨ ᠵᠠᠯᠠᠭᠤᠴᠤᠳ ᠤᠨ ᠦᠨᠡᠯᠡᠮᠵᠢ ᠶ᠋ᠢ ᠨᠡᠮᠡᠭᠳᠡᠭᠦᠯᠬᠦ ᠵᠣᠷᠢᠯᠭ᠎ᠠ ᠲᠠᠢ ᠪᠠᠷ ᠦᠢᠯᠡ ᠠᠵᠢᠯᠯᠠᠭ᠎ᠠ ᠪᠠᠨ ᠶᠠᠪᠤᠭᠤᠯᠬᠤ ᠶᠤᠮ ᠪᠠᠶᠢᠨ᠎ᠠ ᠃

ᠰᠡᠳᠬᠢᠭᠳᠡᠯ ᠦᠯᠡᠳᠡᠭᠡᠬᠦ