ᠬᠥᠪᠰᠥᠬᠥᠯ ᠤᠨ ᠬᠠᠩᠬᠤ ᠰᠤᠮᠤᠨ ᠳᠤ ᠳᠠᠬᠢᠨ ᠭᠠᠵᠠᠷ ᠬᠥᠳᠡᠯᠵᠡᠢ | News.MN

ᠬᠥᠪᠰᠥᠬᠥᠯ ᠤᠨ ᠬᠠᠩᠬᠤ ᠰᠤᠮᠤᠨ ᠳᠤ ᠳᠠᠬᠢᠨ ᠭᠠᠵᠠᠷ ᠬᠥᠳᠡᠯᠵᠡᠢ

 

ᠬᠥᠪᠰᠥᠬᠥᠯ ᠠᠶᠢᠮᠠᠭ ᠤᠨ ᠬᠠᠩᠬᠤ ᠰᠤᠮᠤᠨ  ᠡᠴᠠ ᠪᠠᠷᠠᠭᠤᠨ ᠤᠷᠢᠳᠤ ᠵᠦᠭ ᠲᠥ 22 ᠺᠢᠯᠤᠮᠸᠲ᠋ᠷ ᠲᠤ᠂︽ ᠳᠣᠯᠣᠭᠠᠨ ᠠᠭᠤᠯᠠ ︾ ᠭᠡᠳᠡᠭ ᠭᠠᠵᠠᠷ 05.26 ᠤ ᠡᠳᠦᠷ  ᠤᠨ 04:44 ᠴᠠᠭ  ᠲᠤ 4.7  ᠳᠡᠰ ᠦᠨ ᠬᠦᠴᠦᠲᠡᠢ ᠭᠠᠵᠠᠷ ᠬᠥᠳᠡᠯᠦᠯᠲᠡ ᠪᠣᠯᠣᠭᠰᠠᠨ ᠲᠤᠬᠠᠢ ᠮᠡᠳᠡᠭᠡᠯᠡᠯ ᠢ ᠰᠢᠨᠵᠢᠯᠡᠬᠦ ᠤᠬᠠᠭᠠᠨ ᠤ ᠠᠺᠠᠳᠧᠮᠢ ᠶ᠋ᠢᠨ ᠣᠳᠣᠨ ᠣᠷᠣᠨ ᠭᠧᠣᠹᠢᠽᠢᠺ ᠤᠨ ᠬᠦᠷᠢᠶᠡᠯᠡᠩ ᠡᠴᠡ ᠴᠠᠬᠢᠮ ᠰᠢᠤᠳᠠᠨ ᠢᠶᠠᠷ 04:50 ᠴᠠᠭ  ᠲᠤ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠲᠥ ᠢᠷᠡᠭᠦᠯᠦᠭᠰᠡᠨ ᠪᠠᠶᠢᠨ᠎ᠠ ᠃

ᠲᠤᠰ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠢᠶᠠᠷ ᠳᠠᠮᠵᠢᠭᠤᠯᠤᠨ ᠬᠠᠩᠬᠤ ᠰᠤᠮᠤ ᠶ᠋ᠢᠨ ᠵᠠᠰᠠᠭ ᠳᠠᠷᠤᠭ᠎ᠠ ᠡᠴᠠ ᠲᠤᠬᠠᠢ ᠶ᠋ᠢᠨ ᠭᠠᠵᠠᠷ  ᠲᠤ ᠨᠤᠲᠤᠭᠯᠠᠳᠠᠭ ᠮᠠᠯᠴᠢᠳ ᠡᠴᠠ ᠲᠣᠳᠣᠷᠠᠭᠤᠯᠬᠤ  ᠳᠤ ᠭᠠᠵᠠᠷ ᠬᠥᠳᠡᠯᠦᠯᠲᠡ ᠶ᠋ᠢᠨ ᠴᠡᠴᠡᠷᠬᠢᠯᠡᠯ ᠢᠷᠭᠡᠳ ᠲᠥ ᠪᠠᠭ᠎ᠠ ᠵᠡᠷᠭᠡ ᠮᠡᠳᠡᠷᠡᠭᠳᠡᠭᠰᠡᠨ ᠪᠥᠭᠡᠳ ᠬᠣᠬᠢᠷᠠᠯ ᠤᠴᠠᠷᠠᠭ᠎ᠠ ᠦᠭᠡᠢ ᠲᠤᠬᠠᠢ ᠮᠡᠳᠡᠭᠡᠯᠡᠵᠡᠢ ᠃

ᠰᠡᠳᠬᠢᠭᠳᠡᠯ ᠦᠯᠡᠳᠡᠭᠡᠬᠦ