ᠳᠥᠷᠪᠡᠨ ᠪᠣᠺᠰᠴᠢᠨ ᠮᠸᠳᠠᠯ ᠤᠨ ᠪᠣᠯᠵᠣᠯ ᠬᠠᠩᠭᠠᠯ᠎ᠠ | News.MN

ᠳᠥᠷᠪᠡᠨ ᠪᠣᠺᠰᠴᠢᠨ ᠮᠸᠳᠠᠯ ᠤᠨ ᠪᠣᠯᠵᠣᠯ ᠬᠠᠩᠭᠠᠯ᠎ᠠ

 

ᠠᠷᠠᠪ ᠤᠨ ᠨᠢᠭᠡᠳᠦᠭᠰᠡᠨ ᠡᠮᠢᠷᠠᠲ ᠤᠯᠤᠰ ᠤᠨ ᠳ᠋ᠦᠪᠠᠢ ᠬᠣᠲᠠᠨ᠎ᠠ ᠰᠣᠨᠢᠷᠬᠠᠭᠴᠢᠳ ᠤᠨ ᠪᠣᠺᠰ ᠤᠨ 2021 ᠣᠨ ᠤ ᠨᠠᠰᠤᠨ ᠳᠤ ᠬᠦᠷᠦᠭᠰᠡᠳ ᠦᠨ ᠠᠽᠢᠶ᠎ᠠ ᠶ᠋ᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠬᠢᠯᠡᠯ᠎ᠡ ᠃  ᠡᠨᠡ ᠬᠦ ᠲᠣᠣᠺᠢᠣ᠋ ᠣᠯᠢᠮᠫᠢᠺ ᠤᠨ ᠨᠠᠭᠠᠳᠤᠮ ᠤᠨ ᠡᠮᠦᠨᠡᠬᠢ ᠭᠣᠣᠯ ᠰᠣᠷᠢᠯᠭ᠎ᠠ ᠲᠡᠮᠡᠴᠡᠭᠡᠨ ᠳᠦ ᠮᠠᠨ ᠤ ᠤᠯᠤᠰ ᠡᠴᠠ ᠡᠷᠡᠭᠲᠡᠢ 8 ᠂ ᠡᠮᠡᠭᠲᠡᠢ 5 ᠲᠠᠮᠢᠷᠴᠢᠨ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠨ᠎ᠡ ᠃

ᠤᠷᠢᠳᠤ ᠰᠥᠨᠢ ᠲᠡᠮᠡᠴᠡᠭᠡᠨ ᠤ ᠰᠠᠯᠬᠢ ᠶ᠋ᠢ ᠬᠠᠭᠠᠯᠵᠤ ᠂  ᠤᠷᠬᠤᠨᠲᠤᠩᠭᠠᠯᠠᠭ ᠤᠨ ᠥᠨᠢᠪᠣᠯᠣᠳ  49  ᠺᠢᠯᠦᠭᠷᠡᠮ ᠤᠨ ᠵᠢᠩ ᠳ᠋ᠦ ᠬᠦᠷᠡᠯ ᠮᠸᠳᠠᠯ ᠤᠨ ᠪᠣᠯᠵᠣᠯ ᠬᠠᠩᠭᠠᠯ᠎ᠠ ᠃  56 ᠺᠢᠯᠦᠭᠷᠡᠮ ᠳᠦ ᠬᠠᠷᠠᠬᠦᠦ ᠶ᠋ᠢᠨ ᠡᠩᠬᠡᠠ᠋ᠮᠤᠷ ᠠᠹᠭᠠᠨᠢᠰᠲ᠋ᠠᠨ ᠤ ᠲᠠᠮᠢᠷᠴᠢᠨ ᠢ 4:1 ᠪᠠᠷ᠂  64 ᠺᠢᠯᠦᠭᠷᠡᠮ ᠳᠦ ᠪᠠᠭᠠᠲᠤᠷᠰᠦ᠋ᠬᠡ ᠶᠢᠨ ᠴᠢᠩᠵᠣᠷᠢᠭ ᠺᠠᠽᠠᠭᠰᠲ᠋ᠠᠨ ᠤ ᠲᠠᠮᠢᠷᠴᠢᠨ ᠢ 4:1 ᠪᠡᠷ ᠢᠯᠠᠵᠤ ᠂ ᠬᠠᠷᠢᠨ ᠡᠮᠡᠭᠲᠡᠶᠢᠴᠦᠳ  ᠦᠨ 51 ᠺᠢᠯᠦᠭᠷᠡᠮ ᠤᠨ ᠵᠢᠩ ᠳ᠋ᠦ  ᠯᠤᠲᠤᠰᠠᠢᠬᠠᠨ ᠤ ᠠᠯᠲᠠᠨᠴᠡᠴᠡᠭ  ᠲᠠᠵᠢᠺᠰᠲ᠋ᠠᠨ ᠤ  ᠲᠠᠮᠢᠷᠴᠢᠨ ᠢ ᠢᠯᠡᠳᠲᠡ ᠳᠠᠪᠠᠭᠤ ᠢᠯᠠᠭᠰᠠᠨ  ᠪᠠᠢᠨ᠎ᠠ᠃

ᠰᠡᠳᠬᠢᠭᠳᠡᠯ ᠦᠯᠡᠳᠡᠭᠡᠬᠦ