ᠰᠤᠷᠲᠠᠯᠴᠢᠯᠠᠭᠠᠨ ᠳ᠋ᠤ 500 ᠭᠠᠷᠤᠢ ᠴᠠᠬᠢᠮ ᠬᠠᠶ᠋ᠢᠭ ᠠᠰᠢᠭᠯᠠᠬᠤ ᠪᠡᠷ ᠪᠦᠷᠢᠳᠬᠡᠭᠦᠯᠵᠡᠢ | News.MN

ᠰᠤᠷᠲᠠᠯᠴᠢᠯᠠᠭᠠᠨ ᠳ᠋ᠤ 500 ᠭᠠᠷᠤᠢ ᠴᠠᠬᠢᠮ ᠬᠠᠶ᠋ᠢᠭ ᠠᠰᠢᠭᠯᠠᠬᠤ ᠪᠡᠷ ᠪᠦᠷᠢᠳᠬᠡᠭᠦᠯᠵᠡᠢ

 

ᠮᠣᠩᠭᠣᠯ ᠤᠯᠤᠰ ᠤᠨ ᠶᠡᠷᠦᠩᠬᠡᠶᠢᠯᠡᠭᠴᠢ ᠶ᠋ᠢᠨ ᠰᠣᠩᠭᠣᠭᠤᠯᠢ ᠶ᠋ᠢᠨ ᠰᠤᠷᠲᠠᠯᠴᠢᠯᠠᠭ᠎ᠠ ᠥᠴᠥᠭᠡᠳᠦᠷ ᠠᠯᠪᠠᠨ ᠶᠣᠰᠣ ᠪᠡᠷ ᠡᠬᠢᠯᠡᠯ᠎ᠡ ᠃ ᠰᠤᠷᠲᠠᠯᠴᠢᠯᠠᠭ᠎ᠠ ᠶ᠋ᠢ ᠴᠠᠬᠢᠮ ᠣᠷᠴᠢᠨ ᠠᠰᠢᠭᠯᠠᠵᠤ ᠶᠠᠪᠤᠭᠤᠯᠵᠤ ᠪᠣᠯᠬᠤ ᠪᠥᠭᠡᠳ ᠴᠠᠬᠢᠮ ᠬᠠᠶ᠋ᠢᠭ ᠢ ᠨᠢ ᠬᠠᠷᠢᠯᠴᠠᠭ᠎ᠠ ᠬᠣᠯᠪᠣᠭᠠᠨ ᠤ ᠵᠣᠬᠢᠴᠠᠭᠤᠯᠬᠤ ᠬᠣᠷᠢᠶᠠᠨ ᠳᠦ ᠪᠦᠷᠢᠳᠬᠡᠭᠦᠯᠬᠦ ᠬᠠᠤᠯᠢ ᠲᠠᠢ ᠃ ᠲᠡᠭᠡᠪᠡᠯ ᠨᠡᠷ᠎ᠡ ᠳᠡᠪᠰᠢᠭᠴᠢᠳ ᠰᠣᠩᠭᠣᠭᠤᠯᠢ ᠶ᠋ᠢᠨ ᠰᠤᠷᠲᠠᠯᠴᠢᠯᠠᠭᠠᠨ ᠳ᠋ᠤ 500 ᠭᠠᠷᠤᠢ ᠴᠠᠬᠢᠮ ᠬᠠᠶ᠋ᠢᠭ ᠠᠰᠢᠭᠯᠠᠬᠤ ᠪᠡᠷ ᠪᠦᠷᠢᠳᠬᠡᠭᠦᠯᠵᠡᠢ ᠃ ᠡᠳᠡᠭᠡᠷ ᠬᠠᠶ᠋ᠢᠭ ᠢ ᠵᠣᠷᠢᠯᠭ᠎ᠠ ᠲᠠᠢ ᠮᠡᠳᠡᠭᠡᠯᠡᠯ ᠳ᠋ᠥ ᠲᠥᠯᠥᠪᠦᠷᠢ ᠲᠡᠢ ᠪᠡᠷ ᠠᠰᠢᠭᠯᠠᠬᠤ ᠪᠥᠭᠡᠳ ᠬᠠᠷᠢᠭᠤᠴᠠᠯᠭ᠎ᠠ ᠬᠦᠯᠢᠶᠡᠬᠦ ᠵᠣᠬᠢᠴᠠᠭᠤᠯᠤᠯᠲᠠ ᠲᠠᠢ ᠶᠤᠮ ᠃

ᠴᠠᠬᠢᠮ ᠬᠠᠭᠤᠳᠠᠰᠤ ᠠᠰᠢᠭᠯᠠᠨ ᠰᠤᠷᠲᠠᠯᠴᠢᠯᠠᠭ᠎ᠠ ᠶᠠᠪᠤᠭᠤᠯᠬᠤ ᠳ᠋ᠤ ᠪᠠᠨ ᠰᠡᠳᠬᠢᠭᠳᠡᠯ ᠪᠢᠴᠢᠭᠳᠡᠬᠦ ᠦᠭᠡᠢ ᠲᠣᠬᠢᠷᠠᠭ᠎ᠠ ᠲᠠᠢ ᠪᠠᠷ ᠨᠡᠶᠢᠲᠡᠯᠡᠨ᠎ᠡ ᠃ ᠬᠠᠷᠢᠨ ᠪᠤᠰᠤᠳ ᠰᠣᠰᠢᠶᠠᠯ ᠬᠡᠷᠡᠭᠯᠡᠭᠴᠢᠳ ᠮᠡᠳᠡᠭᠡᠯᠡᠯ ᠤᠨ ᠨᠠᠶᠢᠳᠠᠪᠤᠷᠢᠲᠠᠢ ᠡᠬᠢ ᠰᠤᠷᠪᠤᠯᠵᠢ ᠡᠴᠡ ᠪᠠᠲᠤᠯᠠᠭ᠎ᠠ ᠲᠠᠢ ᠮᠡᠳᠡᠭᠡᠯᠡᠯ ᠢ ᠨᠢᠭᠲᠠᠯᠠᠵᠤ ᠲᠦᠭᠡᠭᠡᠬᠦ ᠶ᠋ᠢ ᠬᠣᠯᠪᠣᠭᠳᠠᠬᠤ ᠠᠯᠪᠠᠨ ᠤ ᠬᠢᠨ ᠵᠥᠪᠯᠡᠪᠡ ᠃

ᠰᠡᠳᠬᠢᠭᠳᠡᠯ ᠦᠯᠡᠳᠡᠭᠡᠬᠦ