ᠰᠢᠨᠵᠢᠭᠡᠴᠢᠳ ᠦᠨᠡᠯᠡᠯᠲᠡ ᠪᠡᠨ ᠣᠯᠠᠨ ᠤᠯᠤᠰ ᠲᠤ ᠲᠠᠨᠢᠯᠴᠠᠭᠤᠯᠤᠨ᠎ᠠ | News.MN

ᠰᠢᠨᠵᠢᠭᠡᠴᠢᠳ ᠦᠨᠡᠯᠡᠯᠲᠡ ᠪᠡᠨ ᠣᠯᠠᠨ ᠤᠯᠤᠰ ᠲᠤ ᠲᠠᠨᠢᠯᠴᠠᠭᠤᠯᠤᠨ᠎ᠠ

 

ᠡᠸᠦ᠋ᠷᠦᠫᠡ ᠶ᠋ᠢᠨ ᠠᠶᠤᠯᠭᠦᠢ ᠪᠠᠶᠢᠳᠠᠯ ᠂ ᠬᠠᠮᠲᠤ ᠶ᠋ᠢᠨ ᠠᠵᠢᠯᠯᠠᠭᠠᠨ ᠤ ᠪᠠᠢᠭᠤᠯᠤᠯᠭ᠎ᠠ  ᠶᠢᠨ ᠠᠷᠠᠳᠴᠢᠯᠠᠭᠰᠠᠨ ᠢᠨᠰᠲ᠋ᠢᠲ᠋ᠤᠲ ᠂ ᠬᠥᠮᠥᠨ ᠤ ᠡᠷᠬᠡ ᠶ᠋ᠢᠨ ᠭᠠᠵᠠᠷ ᠡᠴᠠ ᠰᠣᠩᠭᠣᠭᠤᠯᠢ ᠠᠵᠢᠭᠯᠠᠬᠤ ᠲᠤᠰᠬᠠᠢ ᠬᠣᠷᠢᠶ᠎ᠠ ᠶ᠋ᠢ ᠲᠠᠪᠤᠳᠤᠭᠠᠷ ᠰᠠᠷ᠎ᠠ ᠶ᠋ᠢᠨ 25 ᠳ᠋ᠥ ᠪᠠᠶᠢᠭᠤᠯᠤᠭᠰᠠᠨ ᠃ ᠬᠣᠷᠢᠶᠠᠨ ᠤ ᠪᠦᠷᠢᠯᠳᠦᠬᠦᠨ ᠳ᠋ᠦ ᠰᠣᠩᠭᠣᠭᠤᠯᠢ ᠠᠵᠢᠭᠯᠠᠬᠤ ᠬᠣᠷᠢᠶᠠᠨ ᠤ ᠳᠡᠳ᠋ ᠲᠡᠷᠢᠭᠦᠨ ᠵᠢᠯᠯ ᠰᠠᠹᠢ ᠂ ᠰᠣᠩᠭᠣᠭᠤᠯᠢ ᠶ᠋ᠢᠨ ᠰᠢᠨᠵᠢᠭᠡᠴᠢ  ᠮᠠᠷᠼᠸᠯᠠ ᠮᠠᠰᠺᠤᠸᠠ ᠂ ᠬᠠᠤᠯᠢ ᠶ᠋ᠢᠨ ᠰᠢᠨᠵᠢᠭᠡᠴᠢ ᠷᠸᠨᠠᠲ᠋ᠠ ᠲᠠᠷᠳᠢᠤᠯᠢ ᠂ ᠤᠯᠤᠰ ᠲᠥᠷᠥ ᠶ᠋ᠢᠨ ᠰᠢᠨᠵᠢᠭᠡᠴᠢ ᠮᠠᠤᠷᠤ᠋ ᠺᠠᠯᠪᠤ ᠂ ᠬᠡᠪᠯᠡᠯ ᠮᠡᠳᠡᠭᠡᠯᠡᠯ  ᠤᠨ ᠰᠢᠨᠵᠢᠭᠡᠴᠢ ᠫᠸᠲᠷᠤ᠋ ᠲᠸᠰᠹᠠᠮᠠᠷᠢᠶᠠᠮ᠂ ᠰᠣᠩᠭᠣᠭᠤᠯᠢ ᠶ᠋ᠢᠨ ᠵᠥᠪᠯᠡᠬᠦ ᠺᠸᠷᠠ ᠺᠠᠰᠲ᠋ᠠᠯᠳᠤ᠋ ᠨᠠᠷ  ᠪᠠᠭᠲᠠᠵᠠᠢ ᠃ ᠡᠳᠡᠭᠡᠷ ᠰᠢᠨᠵᠢᠭᠡᠴᠢᠳ ᠨᠢ ᠯᠠᠲ᠋ᠸᠢᠶ᠎ᠠ ᠂ ᠹᠷᠠᠨᠼᠢ ᠂ ᠢᠲ᠋ᠠᠯᠢ ᠂ ᠴᠧᠬᠤ᠋ ᠂ ᠢᠰᠫᠠᠨᠢ ᠂ ᠠᠮᠧᠷᠢᠺᠠ  ᠡᠴᠠ ᠢᠷᠠᠵᠤ ᠠᠵᠢᠯᠯᠠᠵᠤ ᠪᠠᠶᠢᠭ᠎ᠠ ᠶᠤᠮ ᠃

ᠲᠤᠰᠬᠠᠢ ᠬᠣᠷᠢᠶ᠎ᠠ ᠨᠢ ᠶᠡᠷᠦᠩᠬᠡᠶᠢᠯᠡᠭᠴᠢ ᠶ᠋ᠢᠨ ᠰᠣᠩᠭᠣᠭᠤᠯᠢ ᠶ᠋ᠢ ᠠᠵᠢᠭᠯᠠᠬᠤ ᠳ᠋ᠤ ᠪᠠᠨ ᠡᠸᠦ᠋ᠷᠦᠫᠡ ᠶᠢᠨ ᠠᠶᠤᠯᠭᠦᠢ ᠪᠠᠢᠳᠠᠯ ᠤᠨ ᠬᠠᠮᠲᠤ ᠶᠢᠨ ᠠᠵᠢᠯᠯᠠᠭᠠᠨ ᠤ ᠪᠠᠢᠭᠤᠯᠤᠯᠭ᠎ᠠ ᠶ᠋ᠢᠨ ᠭᠡᠰᠢᠭᠦᠨ ᠣᠷᠣᠨ ᠨᠣᠭᠣᠳ ᠤᠨ ᠬᠦᠯᠢᠶᠡᠭᠰᠡᠨ ᠡᠭᠦᠷᠭᠡ ᠠᠮᠠᠯᠠᠯᠲᠠ ᠂ ᠠᠷᠠᠳᠴᠢᠯᠠᠭᠰᠠᠨ ᠰᠣᠩᠭᠣᠭᠤᠯᠢ ᠲᠠᠢ ᠬᠤᠯᠪᠤᠭ᠎ᠠ ᠲᠠᠢ ᠣᠯᠠᠨ ᠤᠯᠤᠰ ᠤᠨ ᠬᠡᠮ ᠬᠡᠮᠵᠢᠶ᠎ᠡ ᠂ ᠦᠨᠳᠦᠰᠦᠨ ᠤ ᠬᠠᠤᠯᠢ ᠲᠣᠭᠲᠠᠭᠠᠮᠵᠢ ᠲᠠᠢ ᠬᠡᠷᠬᠢᠨ ᠨᠡᠶᠢᠴᠡᠵᠦ ᠪᠤᠢ ᠡᠰᠡᠬᠦ ᠶ᠋ᠢ ᠠᠵᠢᠭᠯᠠᠨ ᠦᠨᠡᠯᠡᠯᠲᠡ ᠳ᠋ᠦᠩᠨᠡᠯᠲᠡ ᠥᠭᠴᠦ ᠂ ᠵᠥᠪᠯᠡᠮᠵᠢ ᠭᠠᠷᠭᠠᠨ ᠂ ᠠᠵᠢᠭᠯᠠᠯᠲᠠ ᠶ᠋ᠢᠨ ᠲᠠᠶᠢᠯᠤᠨ ᠢᠶᠡᠨ ᠣᠯᠠᠨ ᠤᠯᠤᠰ ᠲᠤ ᠨᠡᠭᠡᠭᠡᠯᠲᠡ ᠲᠠᠢ ᠲᠠᠨᠢᠯᠴᠠᠭᠤᠯᠤᠨ᠎ᠠ ᠃

ᠰᠣᠩᠭᠣᠭᠤᠯᠢ ᠶ᠋ᠢᠨ ᠶᠡᠷᠦᠩᠬᠡᠢ ᠬᠣᠷᠢᠶᠠᠨ ᠤ ᠳᠠᠷᠤᠭ᠎ᠠ ᠫ᠊ · ᠳᠡᠯᠭᠡᠷᠨᠠᠷᠠᠨ ᠥᠴᠥᠭᠡᠳᠦᠷ  ᠲᠡᠳᠡᠨ ᠲᠠᠢ ᠴᠠᠬᠢᠮ ᠠᠭᠤᠯᠵᠠᠯᠲᠠ ᠬᠢᠵᠡᠢ ᠃

ᠰᠡᠳᠬᠢᠭᠳᠡᠯ ᠦᠯᠡᠳᠡᠭᠡᠬᠦ