ᠼ ∙ ᠯᠾᠬᠠᠪᠠᠳᠠᠰᠢ ᠥᠯᠥᠰᠬᠦᠯᠡᠩ ᠵᠠᠷᠯᠠᠵᠤ ᠪᠠᠶᠢᠨ᠎ᠠ  | News.MN

ᠼ ∙ ᠯᠾᠬᠠᠪᠠᠳᠠᠰᠢ ᠥᠯᠥᠰᠬᠦᠯᠡᠩ ᠵᠠᠷᠯᠠᠵᠤ ᠪᠠᠶᠢᠨ᠎ᠠ 

 

ᠮᠤᠩᠭᠤᠯ ᠤᠨ ᠦᠨᠳᠦᠰᠦᠨ ᠦ ᠤᠯᠠᠨ ᠨᠡᠢᠲᠡ ᠶᠢᠨ ᠷᠠᠳᠢᠤ᠋ ᠲᠸ᠋ᠯᠸᠢᠰ ᠍ ᠦᠨ ᠵᠠᠬᠢᠷᠤᠯ ᠠᠰᠠᠨ ᠼ∙ ᠯᠾᠬᠠᠪᠠᠳᠠᠰᠢ 05.25 ᠡᠴᠡ ᠡᠬᠢᠯᠡᠨ ᠪᠠᠢᠭᠤᠯᠤᠯᠭ᠎ᠠ ᠶᠢᠨ ᠢᠶᠡᠨ ᠭᠠᠳᠠᠭ᠎ᠠ ᠥᠯᠥᠰᠬᠦᠯᠡᠩ ᠵᠠᠷᠯᠠᠵᠤ ᠪᠠᠶᠢᠭ᠎ᠠ ᠶᠤᠮ᠃ ᠲᠡᠷᠡ ᠪᠡᠷ ᠤᠳᠤᠷᠢᠳᠤᠯᠭ᠎ᠠ ᠨᠠᠷ ᠤᠨ ᠢᠶᠠᠨ ᠭᠠᠷᠭᠠᠭᠰᠠᠨ ᠰᠢᠢᠳᠪᠦᠷᠢ ᠶᠢ ᠡᠰᠡᠷᠭᠦᠴᠡᠨ ᠡᠨᠡᠬᠦ ᠠᠷᠭ᠎ᠠ ᠬᠡᠮᠵᠢᠶ᠎ᠡ ᠶᠢ ᠠᠪᠤᠭᠰᠠᠨ ᠪᠠ ᠣᠳᠣ ᠶᠢᠨ ᠶᠡᠷᠦᠩᠬᠡᠢ ᠵᠠᠬᠢᠷᠤᠯ ᠠ᠊∙ᠪᠦᠷᠢᠨᠪᠠᠲᠤ ᠶᠢ ᠳᠠᠸᠠᠵᠠᠪ ᠭᠡᠬᠦ ᠬᠦᠮᠦᠨ ᠢ ᠠᠵᠢᠯ ᠳᠤ ᠣᠷᠣᠭᠤᠯᠤᠭᠰᠠᠨ ᠲᠤᠰᠢᠶᠠᠯ ᠢᠶᠠᠨ ᠴᠤᠴᠠᠯᠠᠬᠤ ᠶᠢ ᠱᠠᠭᠠᠷᠳᠠᠵᠤ᠂ ᠲᠸᠯᠸᠢᠰ  ᠦᠨ ᠦᠨᠳᠦᠰᠦᠨ ᠦ ᠵᠥᠪᠯᠡᠯ ᠦᠨ ᠭᠡᠰᠢᠭᠦᠳ ᠠᠯᠪᠠᠨ ᠲᠤᠰᠢᠶᠠᠯ ᠤᠨ ᠰᠢᠬᠠᠭ᠎ᠠ ᠬᠢᠳᠡᠭ ᠭᠡᠵᠦ ᠬᠡᠯᠡᠯ᠎ᠡ᠃

ᠼ∙ᠯᠾᠬᠠᠪᠠᠳᠠᠰᠢ ᠨᠢ 1990 ᠣᠨ ᠠᠴᠠ ᠬᠣᠶᠢᠰᠢ 2021 ᠣᠨ ᠬᠦᠷᠲᠡᠯ᠎ᠡ 31 ᠵᠢᠯ ᠤᠭ ᠪᠠᠢᠭᠤᠯᠤᠯᠭ᠎ᠠ ᠍ ᠳᠦ ᠠᠵᠢᠯᠯᠠᠵᠤ ᠪᠠᠶᠢᠭᠠᠳ ᠥᠪᠡᠷ ᠦᠨ  ᠬᠦᠰᠡᠯᠲᠡ ᠪᠡᠷ ᠠᠵᠢᠯ ᠠᠴᠠ ᠪᠠᠨ ᠭᠠᠷᠴᠤ ᠪᠠᠢᠵᠠᠢ᠃

ᠰᠡᠳᠬᠢᠭᠳᠡᠯ ᠦᠯᠡᠳᠡᠭᠡᠬᠦ