ᠮᠣᠩᠭᠣᠯ ᠬᠦᠮᠦᠨ ᠮᠥᠨ ᠯᠠ ᠪᠣᠯ ᠡᠬᠡ ᠬᠡᠯᠡ ᠪᠡᠨ ᠲᠡᠭᠦᠰ ᠡᠵᠡᠮᠰᠢᠬᠦ ᠡᠭᠦᠷᠭᠡ ᠲᠡᠢ | News.MN

ᠮᠣᠩᠭᠣᠯ ᠬᠦᠮᠦᠨ ᠮᠥᠨ ᠯᠠ ᠪᠣᠯ ᠡᠬᠡ ᠬᠡᠯᠡ ᠪᠡᠨ ᠲᠡᠭᠦᠰ ᠡᠵᠡᠮᠰᠢᠬᠦ ᠡᠭᠦᠷᠭᠡ ᠲᠡᠢ

 

ᠲᠥᠷᠥ ᠶᠢᠨ ᠰᠤᠶᠤᠷᠬᠠᠯᠲᠤ ᠂ ᠮᠣᠩᠭᠣᠯ ᠤᠯᠤᠰ ᠤᠨ ᠠᠷᠠᠳ ᠤᠨ ᠪᠠᠭᠰᠢ᠂ ᠮᠣᠩᠭᠣᠯ ᠤᠯᠤᠰ ᠤᠨ ᠶᠡᠬᠡ ᠰᠤᠷᠭᠠᠭᠤᠯᠢ ᠦᠨ ᠵᠥᠪᠯᠡᠬᠦ ᠫᠷᠣᠹᠧᠰᠰᠣᠷ ᠰᠢᠷᠠᠪ ᠤᠨ ᠴᠣᠶᠢᠮ᠎ᠠ ᠲᠠᠢ ᠲᠠ ᠪᠦᠬᠦᠨ ᠢ ᠠᠭᠤᠯᠵᠠᠭᠤᠯᠵᠤ ᠪᠠᠶᠢᠨ᠎ᠠ᠃
– ᠳᠡᠭᠡᠷ᠎ᠡ ᠳᠤᠷᠠᠳᠤᠭᠰᠠᠨ ᠮᠣᠩᠭᠣᠯ ᠬᠡᠯᠡᠨ ᠦ ᠳᠠᠷᠬᠠᠯᠠᠭᠠᠨ ᠤ ᠲᠠᠯ᠎ᠠ ᠪᠠᠷ ᠶᠠᠷᠢᠪᠠᠯ︖
– ᠮᠣᠩᠭᠣᠯ ᠬᠡᠯᠡᠨ ᠦ ᠳᠠᠷᠬᠠᠯᠠᠭ᠎ᠠ ᠭᠡᠵᠦ ᠶᠡᠬᠡ ᠶᠠᠷᠢᠬᠤ ᠪᠣᠯᠵᠤ᠃ ᠰᠡᠪ ᠰᠠᠭᠤᠵᠤ ᠪᠣᠯᠬᠤ ᠪᠠᠨ ᠪᠠᠶᠢᠭᠠᠳ ᠯᠠ ᠲᠡᠭᠡᠵᠦ ᠶᠠᠷᠢᠵᠤ᠂ ᠬᠡᠯᠡᠵᠦ ᠪᠠᠶᠢᠭ᠎ᠠ ᠶᠤᠮ᠃ ᠮᠠᠭᠠᠳ ᠦᠭᠡᠢ ᠥᠨᠥᠳᠥᠷ ᠦᠨ ᠵᠢᠷᠤᠭᠲᠤ ᠪᠠᠷ ᠶᠠᠷᠢᠵᠤ ᠪᠠᠶᠢᠭ᠎ᠠ ᠮᠡᠳᠡᠭᠡᠨ ᠦ ᠨᠡᠪᠲᠡᠷᠡᠭᠦᠯᠭᠡ ᠶᠢ 1930-1940 ᠣᠨ ᠤ ᠬᠦᠮᠦᠨ ᠢ ᠪᠣᠰᠬᠠᠵᠤ ᠢᠷᠡᠭᠡᠳ ᠰᠣᠨᠣᠰᠬᠠᠬᠤ ᠳᠤ ᠣᠶᠢᠯᠠᠭᠠᠬᠤ ᠦᠭᠡᠢ ᠪᠣᠯᠤᠭᠰᠠᠨ ᠪᠠᠶᠢᠭ᠎ᠠ᠃ ᠰᠤᠽᠢᠶᠠᠯᠢᠰᠮ ᠤᠨ ᠲᠣᠭᠲᠠᠯᠴᠠᠭᠠᠨ ᠤ ᠦᠶ᠎ᠡ ᠳᠦ ᠪᠢᠳᠡ ᠣᠷᠣᠰ ᠬᠡᠯᠡᠨ ᠡᠴᠡ ᠣᠷᠴᠢᠭᠤᠯᠵᠤ ᠪᠠᠶᠢᠭᠰᠠᠨ᠃ ᠲᠡᠭᠡᠬᠦ ᠳᠦ ᠪᠡᠨ ᠲᠡᠷᠡ ᠦᠶ᠎ᠡ ᠳᠦ ᠣᠷᠴᠢᠭᠤᠯᠬᠤ ᠳᠤ ᠪᠠᠨ ᠪᠦᠷᠢᠨ ︽ᠮᠣᠩᠭᠣᠯ︾ ᠪᠣᠯᠭᠠᠳᠠᠭ ᠪᠠᠶᠢᠭᠰᠠᠨ᠃ ᠵᠢᠱᠢᠶ᠎ᠡ ᠨᠢ᠄ ᠳᠠᠮᠳᠢᠨᠰᠦ᠋ᠷᠦᠩ ᠭᠤᠸᠠᠢ ᠶᠢᠨ ︽ᠠᠯᠲᠠᠨ ᠵᠢᠭᠠᠰᠤᠨ ᠤ ᠦᠯᠢᠭᠡᠷ︾ ᠢ ᠲᠠ ᠪᠦᠬᠦᠨ ᠮᠡᠳᠡᠨ᠎ᠡ᠃ ᠰᠠᠶᠢᠬᠠᠨ ᠮᠣᠩᠭᠣᠯ ᠦᠯᠢᠭᠡᠷ ᠤᠩᠰᠢᠵᠤ ᠪᠠᠶᠢᠭ᠎ᠠ ᠪᠢᠵᠡ᠃ ᠲᠡᠶᠢᠮᠦ ᠪᠣᠯᠲᠠᠯ᠎ᠠ ᠨᠢ ᠡᠮᠦᠨᠡᠬᠢ ᠦᠶ᠎ᠡ ᠶᠢᠨ ᠠᠪᠤᠷᠭᠤ ᠣᠷᠴᠢᠭᠤᠯᠤᠭᠴᠢ ᠨᠠᠷ ᠮᠣᠩᠭᠣᠯ ᠬᠡᠯᠡᠨ ᠳᠦ ᠪᠠᠭᠤᠯᠭᠠᠳᠠᠭ ᠪᠠᠶᠢᠭᠰᠠᠨ᠃ ᠨᠢᠭᠡ ᠪᠤᠷᠤᠭᠤ ᠣᠷᠴᠢᠭᠤᠯᠭ᠎ᠠ ᠭᠠᠷᠪᠠᠯ ᠷᠧᠨᠴᠢᠨ ᠭᠤᠸᠠᠢ ︽ᠵᠢᠭᠲᠡᠶᠢᠬᠡᠨ︾ ᠲᠣᠮᠣ ᠥᠭᠦᠯᠡᠯ ᠪᠢᠴᠢᠭᠡᠳ ᠭᠠᠷᠭᠠᠴᠢᠬᠠᠨ᠎ᠠ᠃ ᠲᠡᠷᠡ ᠦᠶ᠎ᠡ ᠳᠦ ᠨᠢᠭᠡᠨ ᠡᠴᠡ ᠪᠡᠨ ᠶᠡᠬᠡ ᠠᠰᠠᠭᠤᠨ᠎ᠠ᠂ ᠨᠢᠭᠡ ᠨᠡᠷ᠎ᠡ ᠲᠣᠮᠢᠶ᠎ᠠ ᠲᠣᠭᠲᠠᠭᠠᠬᠤ ᠶᠢᠨ ᠲᠥᠯᠥᠭᠡ ᠬᠡᠯᠡᠨ ᠦ ᠮᠡᠷᠭᠡᠵᠢᠯ ᠦᠨ ᠤᠯᠤᠰ ᠤᠳ ᠲᠠᠢ ᠵᠥᠪᠯᠡᠳᠡᠭ ᠪᠠᠶᠢᠭᠰᠠᠨ᠃ ᠥᠨᠥᠳᠥᠷ ᠪᠣᠯ ᠥᠪᠡᠷ ᠥᠪᠡᠷ ᠦᠨ ᠰᠠᠨᠠᠭᠰᠠᠨ ᠢᠶᠠᠷ ᠢᠶᠠᠨ᠂ ᠥᠪᠡᠷ ᠦᠨ ᠢᠶᠡᠨ ᠮᠡᠳᠡᠳᠡᠭ ᠮᠣᠩᠭᠣᠯ ᠬᠡᠯᠡᠨ ᠦ ᠬᠡᠮᠵᠢᠶ᠎ᠡ ᠪᠡᠷ ᠯᠠ ᠪᠠᠭᠤᠯᠭᠠᠭᠠᠳ ᠪᠠᠶᠢᠨ᠎ᠠ᠃ ᠭᠠᠳᠠᠭᠠᠳᠤ ᠶᠢᠨ ᠶᠠᠭᠤᠮ᠎ᠠ ᠶᠢ ᠣᠷᠴᠢᠭᠤᠯᠬᠤ ᠳᠤ ᠪᠠᠨ ᠴᠠᠭᠠᠳᠤ ᠬᠡᠯᠡᠨ ᠦ ᠪᠡᠨ ᠤᠭ ᠦᠭᠡ ᠶᠢᠨ ᠤᠳᠬ᠎ᠠ ᠶᠢ ᠰᠠᠶᠢᠨ ᠮᠡᠳᠡᠬᠦ ᠶᠢᠨ ᠬᠠᠮᠲᠤ᠂ ᠡᠬᠡ ᠬᠡᠯᠡᠨ ᠳᠦ ᠪᠡᠨ ᠰᠠᠶᠢᠨ ᠪᠠᠶᠢᠬᠤ ᠱᠠᠭᠠᠷᠳᠠᠯᠭ᠎ᠠ ᠲᠠᠢ᠃ ᠥᠨᠥ ᠦᠶ᠎ᠡ ᠳᠦ ᠠᠩᠭᠯᠢ ᠠᠴᠠ ᠣᠷᠴᠢᠭᠤᠯᠵᠤ ᠪᠠᠶᠢᠨ᠎ᠠ ᠭᠡᠳ᠂ ᠮᠣᠩᠭᠣᠯ ᠦᠭᠡ ᠪᠡᠷ ᠪᠢᠴᠢᠭᠰᠡᠨ ᠢ ᠨᠢ ᠮᠣᠩᠭᠣᠯ ᠬᠦᠮᠦᠨ ︽ᠪᠢ︾ ᠥᠪᠡᠷ ᠢᠶᠡᠨ ᠣᠶᠢᠯᠠᠭᠠᠬᠤ ᠦᠭᠡᠢ ᠳᠦ ᠬᠦᠷᠴᠦ ᠪᠠᠶᠢᠨ᠎ᠠ᠃ ᠡᠶᠢᠮᠦ ᠳᠦ ᠤᠭ ᠰᠠᠨᠠᠭ᠎ᠠ ᠨᠢ ᠢᠩᠭᠢᠵᠦ ᠪᠠᠶᠢᠭ᠎ᠠ ᠶᠤᠮ᠂ ᠮᠣᠩᠭᠣᠯ ᠬᠦᠮᠦᠨ ᠦ ᠰᠡᠳᠬᠢᠬᠦᠢ ᠶᠢᠨ ᠣᠨᠴᠠᠯᠢᠭ ᠢᠶᠠᠷ ᠪᠣᠯ ᠢᠩᠭᠢᠵᠦ ᠬᠡᠯᠡᠬᠦ ᠶᠣᠰᠣᠲᠠᠢ ᠭᠡᠳ ᠮᠣᠩᠭᠣᠯ ᠬᠡᠯᠡᠨ ᠦ ᠪᠡᠨ ᠠᠷᠢᠭᠤᠨ ᠪᠠᠶᠠᠯᠢᠭ ᠰᠠᠩ ᠢ ᠰᠢᠪᠬᠠᠨ ᠨᠠᠶᠢᠷᠠᠭᠤᠯᠬᠤ ᠬᠡᠷᠡᠭᠲᠡᠢ᠃
– ᠶᠡᠷᠦ ᠨᠢ ᠣᠷᠴᠢᠭᠤᠯᠤᠭᠴᠢ ᠨᠠᠷ ᠶᠠᠭᠤ ᠶᠢ ᠠᠩᠬᠠᠷᠪᠠᠯ ᠵᠣᠬᠢᠯᠲᠠᠢ ᠪᠤᠢ︖
– ᠣᠷᠴᠢᠭᠤᠯᠭ᠎ᠠ ᠬᠢᠵᠦ ᠪᠠᠶᠢᠭ᠎ᠠ ᠬᠦᠮᠦᠰ ᠶᠠᠳᠠᠵᠤ ᠲᠣᠯᠢ ᠡᠷᠭᠢᠭᠦᠯᠵᠦ ᠬᠠᠷᠠᠵᠤ ᠪᠠᠶᠢᠬᠤ ᠬᠡᠷᠡᠭᠲᠡᠢ᠃ ᠶᠠᠮᠠᠷ ᠶᠠᠮᠠᠷ ᠤᠳᠬ᠎ᠠ ᠢᠯᠡᠷᠬᠡᠶᠢᠯᠡᠵᠦ ᠪᠠᠶᠢᠭ᠎ᠠ ᠶᠢ ᠴᠡᠪᠡᠯ ᠭᠤᠸᠠᠢ ᠶᠢᠨ ᠲᠣᠪᠴᠢ ᠲᠠᠶᠢᠯᠪᠤᠷᠢ ᠲᠤᠯᠢ ᠶᠢ ᠰᠢᠷᠡᠭᠡᠨ ᠦ ᠨᠣᠮ ᠪᠣᠯᠭᠠᠨ ᠲᠡᠭᠦᠨ ᠡᠴᠡ ᠬᠠᠷᠠᠬᠤ ᠬᠡᠷᠡᠭᠲᠡᠢ᠃ ᠤᠲᠠᠰᠤ ᠪᠠᠨ ᠮᠠᠭᠠᠵᠢᠭᠠᠳ᠂ ᠺᠤᠮᠫᠢᠦ᠋ᠲᠸᠷ ᠱᠠᠭᠠᠶᠢᠭᠠᠳ ᠰᠠᠭᠤᠬᠤ ᠶᠤᠮ᠃ ᠤᠷᠠᠨ ᠵᠣᠬᠢᠶᠠᠯ ᠤᠩᠰᠢᠬᠤ ᠬᠡᠷᠡᠭᠲᠡᠢ᠂ ᠡᠮᠦᠨ᠎ᠡ ᠬᠡᠯᠡᠭᠰᠡᠨ ᠲᠡᠦᠬᠡᠨ ᠰᠤᠷᠪᠤᠯᠵᠢ ᠨᠤᠭᠤᠳ ᠢ ᠤᠩᠰᠢᠪᠠᠯ ᠮᠥᠨ ᠰᠠᠶᠢᠨ ᠰᠠᠨ᠃ ᠡᠬᠡ ᠬᠡᠯᠡᠨ ᠦ ᠳᠠᠷᠬᠠᠯᠠᠭ᠎ᠠ ᠭᠡᠳᠡᠭ ᠨᠢ ᠮᠣᠩᠭᠣᠯ ᠬᠦᠮᠦᠨ ᠮᠥᠨ ᠯᠠ ᠶᠤᠮ ᠪᠣᠯ ᠥᠪᠡᠷ ᠦᠨ ᠢᠶᠡᠨ ᠡᠬᠡ ᠬᠡᠯᠡ ᠶᠢ ᠲᠡᠭᠦᠰ ᠡᠵᠡᠮᠰᠢᠬᠦ ᠶᠢᠨ ᠲᠥᠯᠥᠭᠡ ᠥᠪᠡᠷ ᠢᠶᠡᠨ ᠬᠢᠴᠢᠶᠡᠬᠦ ᠬᠠᠲᠠᠭᠤ ᠡᠭᠦᠷᠭᠡ ᠲᠡᠢ ᠶᠢ ᠤᠬᠠᠭᠠᠷᠠᠵᠤ ᠪᠣᠳᠠᠲᠤ ᠴᠢᠳᠠᠪᠤᠷᠢ ᠳᠠᠳᠤᠯᠭ᠎ᠠ ᠪᠣᠯᠭᠠᠵᠤ ᠡᠵᠡᠮᠰᠢᠬᠦ ᠨᠢ ᠴᠢᠬᠤᠯᠠ᠃

ᠰᠡᠳᠬᠢᠭᠳᠡᠯ ᠦᠯᠡᠳᠡᠭᠡᠬᠦ