ᠦᠨᠡᠲᠦ ᠵᠦᠢᠯ ᠨᠢ ᠰᠤᠯᠢᠭᠳᠠᠴᠢᠬᠠᠬᠤ ᠪᠠᠷ ᠶᠣᠰᠣ ᠰᠤᠷᠲᠠᠬᠤᠨ | News.MN

ᠦᠨᠡᠲᠦ ᠵᠦᠢᠯ ᠨᠢ ᠰᠤᠯᠢᠭᠳᠠᠴᠢᠬᠠᠬᠤ ᠪᠠᠷ ᠶᠣᠰᠣ ᠰᠤᠷᠲᠠᠬᠤᠨ

 

ᠤ ᠦᠨᠡᠯᠡᠮᠵᠢ  ᠳᠠᠭᠠᠭᠠᠳ ᠥᠭᠡᠷᠡᠴᠢᠯᠡᠭᠳᠡᠳᠡᠭ

ᠮᠣᠩᠭᠣᠯ ᠤᠯᠤᠰ ᠤᠨ ᠭᠠᠪᠢᠶᠠᠲᠤ ᠪᠠᠭᠰᠢ᠂ ᠹᠢᠯᠣᠰᠣᠹᠢ ᠶᠢᠨ ᠰᠢᠨᠵᠢᠯᠡᠬᠦ ᠤᠬᠠᠭᠠᠨ ᠤ ᠳ᠋ᠣᠺᠲ᠋ᠣᠷ ᠂ ᠫᠷᠣᠹᠧᠰᠰᠣᠷ ᠳ∙ᠳᠠᠰᠢᠫᠦ᠋ᠷᠪᠦ ᠲᠡᠢ ᠶᠠᠷᠢᠯᠴᠠᠯ᠎ᠠ᠃

– ᠹᠢᠯᠣᠰᠣᠹᠢ ᠭᠡᠬᠦ ᠪᠡᠷ ᠮᠠᠨᠠᠶᠢᠬᠢᠨ ᠠᠮᠢᠳᠤᠷᠠᠯ ᠠᠴᠠ ᠬᠡᠲᠦ ᠬᠣᠯᠠ ᠭᠡᠵᠦ ᠤᠶᠢᠯᠠᠭᠠᠬᠤ ᠨᠢ ᠪᠢᠰᠢᠭᠦᠢ᠃ ᠶᠣᠰᠣ ᠰᠤᠷᠲᠠᠬᠤᠨ ᠲᠠᠢ᠂ ᠬᠦᠮᠦᠯᠢᠭ ᠢᠷᠭᠡᠨ ᠢ ᠲᠥᠯᠦᠪᠰᠢᠭᠦᠯᠬᠦ ᠶᠢᠨ ᠲᠤᠯᠠᠳᠠ ᠨᠡᠭᠦᠳᠡᠯᠴᠢᠳ ᠦᠨ ᠡᠷᠲᠡᠨ ᠡᠴᠡ ᠤᠯᠠᠮᠵᠢᠯᠠᠵᠤ ᠢᠷᠡᠭᠰᠡᠨ ᠮᠣᠩᠭᠣᠯ ᠤᠬᠠᠭᠠᠨ ᠢᠶᠠᠷ ᠬᠦᠮᠦᠵᠢᠭᠦᠯᠬᠦ ᠬᠡᠷᠡᠭᠲᠡᠢ ᠭᠡᠳᠡᠭ ᠲᠡᠢ ᠲᠠ ᠰᠠᠨᠠᠯ ᠨᠡᠶᠢᠯᠡᠬᠦ ᠦᠦ︖
– ᠲᠡᠭᠡᠯᠭᠦᠢ ᠶᠠᠭᠠᠬᠢᠬᠤ ᠪᠤᠢ᠂ 3000 ᠍ ᠊ᠭᠠᠳ ᠵᠢᠯ ᠦᠨ ᠡᠮᠦᠨ᠎ᠡ ᠡᠴᠡ ᠪᠥᠷᠢᠯᠳᠦᠨ ᠴᠣᠭᠴᠠᠯᠠᠵᠤ ᠢᠷᠡᠭᠰᠡᠨ ᠤᠴᠢᠷ ᠠᠴᠠ ᠮᠣᠩᠭᠣᠯ ᠤᠬᠠᠭᠠᠨ ᠭᠡᠳᠡᠭ ᠴᠢᠨᠢ ᠮᠠᠰᠢ ᠠᠭᠤᠤ ᠵᠦᠢᠯ ᠪᠠᠶᠢᠬᠤ ᠦᠭᠡᠢ ᠤᠤ᠂ ᠡᠨᠡ ᠤᠯᠠᠮᠵᠢᠯᠠᠯ ᠮᠣᠩᠭᠣᠯ ᠬᠦᠮᠦᠨ ᠪᠦᠷᠢ ᠶᠢᠨ ᠳᠣᠲᠣᠭᠠᠳᠤ ᠶᠢᠷᠲᠢᠨᠴᠦ  ᠳᠦ ᠪᠤᠢ᠃ ᠲᠡᠶᠢᠮᠦ ᠡᠴᠡ ᠡᠭᠦᠨ ᠢ ᠨᠢ ᠰᠤᠳᠤᠯᠵᠤ ᠭᠠᠷᠭᠠᠭᠠᠳ᠂ ᠲᠦᠭᠡᠭᠡᠨ ᠳᠡᠯᠭᠡᠷᠡᠭᠦᠯᠬᠦ᠂ ᠬᠣᠶᠢᠴᠢ ᠦᠶ᠎ᠡ ᠳᠦ ᠪᠡᠨ ᠣᠶᠢᠯᠠᠭᠠᠭᠤᠯᠤᠨ ᠥᠪᠯᠡᠭᠦᠯᠬᠦ ᠳᠦ ᠠᠩᠬᠠᠷᠬᠤ ᠳᠤ ᠮᠠᠨ ᠤ ᠪᠣᠯᠪᠠᠰᠤᠷᠠᠯ︵ᠰᠤᠷᠭᠠᠨ ᠬᠦᠮᠦᠵᠢᠯ︶ ᠤᠨ ᠲᠣᠭᠲᠠᠯᠴᠠᠭ᠎ᠠ ᠴᠢᠭᠯᠡᠬᠦ ᠤᠴᠢᠷ ᠲᠠᠢ ᠶᠤᠮ᠃ ᠶᠠᠭ ᠦᠨᠡᠨ ᠳᠦ ᠪᠡᠨ ᠠᠮᠧᠷᠢᠺᠠ ᠣᠷᠴᠢᠨ ᠦᠶ᠎ᠡ ᠶᠢᠨ ᠥᠨᠳᠥᠷ ᠬᠥᠭᠵᠢᠯ ᠲᠡᠢ᠂ ᠮᠤᠨᠳᠠᠭ ᠣᠷᠣᠨ ᠭᠡᠭᠳᠡᠳᠡᠭ ᠬᠢᠷᠢᠨ᠎ᠡ ᠠᠮᠧᠷᠢᠺᠠ ᠤᠶᠤᠲᠠᠳ ᠥᠪᠡᠷ ᠦᠨ ᠤᠯᠤᠰ ᠤᠨ ᠲᠡᠦᠬᠡ ᠪᠡᠨ ᠯᠠ ᠰᠠᠶᠢᠨ ᠮᠡᠳᠡᠳᠡᠭ ᠪᠣᠯᠬᠤ ᠠᠴᠠ ᠮᠣᠩᠭᠣᠯ ᠤᠨ ᠲᠠᠯ᠎ᠠ ᠪᠠᠷ ᠣᠯᠠᠩᠬᠢ ᠨᠢ ᠶᠠᠮᠠᠷ ᠴᠤ ᠲᠥᠰᠥᠭᠡᠯᠡᠯ ᠦᠭᠡᠢ ᠪᠠᠶᠢᠳᠠᠭ᠃ ᠲᠡᠭᠦᠨ ᠰᠢᠭ ᠮᠠᠨ ᠤ ᠪᠣᠯᠪᠠᠰᠤᠷᠠᠯ ᠤᠨ ᠠᠭᠤᠯᠭ᠎ᠠ ᠴᠤ ᠪᠠᠰᠠ ᠮᠣᠩᠭᠣᠯ ᠤᠨ ᠢᠶᠠᠨ ᠲᠡᠦᠬᠡ ᠶᠢ ᠡᠬᠢᠯᠡᠭᠡᠳ ᠮᠠᠰᠢ ᠰᠠᠶᠢᠨ ᠮᠡᠳᠡᠭᠦᠯᠦᠭᠰᠡᠨ ᠦ ᠳᠠᠷᠠᠭ᠎ᠠ ᠬᠦᠰᠡᠪᠡᠯ ᠰᠣᠨᠢᠷᠬᠠᠯ ᠢᠶᠠᠷ ᠢᠶᠠᠨ ᠪᠤᠰᠤᠳ ᠣᠷᠣᠨ ᠤ ᠲᠡᠦᠬᠡ ᠶᠢ ᠰᠤᠳᠤᠯᠬᠤ ᠡᠷᠬᠡ ᠨᠢ ᠨᠡᠭᠡᠭᠡᠯᠲᠡ ᠲᠡᠢ ᠪᠠᠶᠢᠬᠤ ᠪᠠᠷ ᠬᠢᠭᠳᠡᠳᠡᠭ ᠪᠣᠯ ᠰᠠᠶᠢᠨ ᠰᠠᠨ᠃ ᠶᠡᠬᠡ ᠪᠷᠢᠲ᠋ᠠᠨ ᠤ ᠲᠡᠦᠬᠡ ᠶᠢ ᠠᠩᠭᠯᠢ ᠶᠢᠨ ᠺᠣᠯᠣᠨᠢ ᠪᠠᠶᠢᠭᠰᠠᠨ ᠣᠷᠣᠨ ᠨᠤᠭᠤᠳ ᠢᠯᠡᠭᠦᠦ ᠰᠠᠶᠢᠨ ᠰᠤᠳᠤᠯᠳᠠᠭ᠃ ᠣᠺᠰᠹᠣᠷᠳ᠋ ᠍ ᠤᠨ ᠪᠣᠯᠪᠠᠰᠤᠷᠠᠯ ᠤᠨ ᠰᠢᠰᠲ᠋ᠧᠮ ᠭᠡᠬᠦ ᠳᠦ ᠯᠠ ᠶᠡᠬᠡ ᠪᠷᠢᠲ᠋ᠠᠨ ᠤ ᠺᠣᠯᠣᠨᠢ ᠨᠤᠭᠤᠳ ᠲᠤ ᠵᠣᠷᠢᠭᠤᠯᠤᠭᠰᠠᠨ ᠰᠤᠷᠭᠠᠯᠲᠠ ᠶᠢᠨ ᠬᠥᠲᠥᠯᠪᠦᠷᠢ ᠰᠢᠦ ᠳ᠋ᠡ᠃ ᠨᠠᠷᠢᠨ ᠠᠵᠢᠭᠯᠠᠪᠠᠯ ᠣᠺᠰᠹᠣᠷᠳ᠋ ᠍ ᠤᠨ ᠠᠩᠭᠯᠢ ᠬᠡᠯᠡ ᠴᠤ ᠪᠷᠢᠲ᠋ᠠᠨ ᠤ ᠡᠵᠡᠨ ᠳᠦ ᠪᠡᠨ ᠵᠠᠷᠤᠴᠠᠯᠠᠭᠳᠠᠬᠤ ᠪᠣᠭᠣᠯ ᠤᠳ ᠤᠨ ᠬᠡᠷᠡᠭᠴᠡᠭᠡᠨ ᠳᠦ ᠵᠣᠷᠢᠭᠤᠯᠤᠭᠰᠠᠨ᠂ ᠲᠡᠶᠢᠮᠦ ᠯᠠ ᠲᠦᠪᠰᠢᠨ ᠦ ᠰᠤᠷᠭᠠᠯᠲᠠ ᠶᠤᠮ᠃ ᠲᠡᠭᠦᠨ ᠡᠴᠡ ᠢᠯᠡᠭᠦᠦ ᠭᠠᠷᠬᠤ ᠦᠭᠡᠢ ᠰᠢᠦ︵ᠢᠨᠢᠶᠡᠪᠡ︶᠃ ᠭᠡᠲᠡᠯ᠎ᠡ ᠮᠣᠩᠭᠣᠯ ᠤᠨ ᠲᠡᠦᠬᠡ᠂ ᠰᠤᠶᠤᠯ᠂ ᠬᠡᠯᠡ ᠶᠠᠮᠠᠷ ᠠᠭᠤᠤ ᠪᠠᠶᠠᠯᠢᠭ᠂ ᠭᠠᠶᠢᠬᠠᠮᠰᠢᠭᠲᠠᠢ ᠪᠢᠯᠡ ᠳ᠋ᠸ᠃
– ᠢᠷᠡᠭᠡᠳᠦᠢ ᠳᠦ ᠮᠣᠩᠭᠣᠯ ᠢ ᠠᠪᠴᠤ ᠶᠠᠪᠤᠬᠤ ᠤᠴᠢᠷ ᠲᠠᠢ ᠦᠷ᠎ᠡ ᠬᠣᠶᠢᠴᠢ ᠶᠢᠨ ᠮᠢᠨᠢ ᠪᠣᠯᠪᠠᠰᠤᠷᠠᠯ᠂ ᠬᠦᠮᠦᠵᠢᠯ ᠦᠨ ᠠᠰᠠᠭᠤᠳᠠᠯ ᠥᠨᠥᠳᠥᠷ ᠬᠡᠴᠡᠭᠦᠬᠡᠨ ᠪᠠᠶᠢᠭ᠎ᠠ ᠶᠢ ᠣᠯᠠᠨ ᠬᠦᠮᠦᠨ ᠰᠢᠭᠦᠮᠵᠢᠯᠡᠳᠡᠭ᠃ ᠲᠠ ᠡᠨᠡ ᠲᠠᠯ᠎ᠠ ᠪᠠᠷ ᠶᠠᠮᠠᠷ ᠪᠣᠳᠣᠯ ᠲᠠᠢ ᠶᠠᠪᠤᠳᠠᠭ ᠪᠤᠢ︖
– ᠬᠡᠦᠬᠡᠳ ᠦᠨ ᠬᠦᠮᠦᠵᠢᠯ ᠢ ᠮᠠᠨ ᠤ ᠬᠢᠨ ᠰᠡᠭᠦᠯ ᠦᠨ ᠵᠢᠯ ᠦᠳ ᠲᠦ ᠣᠷᠬᠢᠭᠳᠠᠭᠤᠯᠤᠭᠰᠠᠨ ᠲᠠᠯ᠎ᠠ ᠪᠤᠢ᠃ ᠬᠡᠦᠬᠡᠳ ᠢᠶᠡᠨ ᠪᠣᠯᠪᠠᠰᠤᠷᠠᠯ ᠲᠠᠢ ᠪᠣᠯᠭᠠᠬᠤ ᠶᠢᠨ ᠲᠤᠯᠠᠳᠠ ᠡᠴᠢᠭᠡ ᠡᠬᠡᠴᠤᠤᠯ ᠣᠯᠠᠨ ᠲᠠᠯ᠎ᠠ ᠪᠠᠷ ᠠᠩᠬᠠᠷᠴᠤ ᠪᠠᠶᠢᠭ᠎ᠠ ᠴᠤ ᠬᠦᠮᠦᠵᠢᠯ ᠢ ᠨᠢ ᠬᠠᠶᠠᠴᠢᠬᠠᠭᠠᠳ ᠪᠠᠶᠢᠨ᠎ᠠ᠃ ᠡᠭᠦᠨ ᠳᠦ ᠴᠢᠭᠯᠡᠭᠰᠡᠨ ᠪᠣᠯᠪᠠᠰᠤᠷᠠᠯ ᠤᠨ ᠲᠣᠭᠲᠠᠯᠴᠠᠭ᠎ᠠ ᠴᠤ ᠮᠠᠨ ᠤ ᠳᠤ ᠠᠯᠠᠭ᠎ᠠ᠃ ᠳᠡᠭᠡᠷ᠎ᠡ ᠦᠶ᠎ᠡ ᠳᠦ ᠪᠣᠯ ᠭᠡᠷ ᠦᠨ ᠬᠦᠮᠦᠵᠢᠯ ᠭᠡᠵᠦ ᠴᠢᠬᠤᠯᠠ ᠵᠦᠢᠯ ᠪᠠᠶᠢᠭᠰᠠᠨ᠃ ᠣᠳᠣ ᠠᠯᠠᠭ᠎ᠠ᠃
ᠵᠢᠱᠢᠶ᠎ᠡ ᠨᠢ᠂ ᠡᠨᠡᠳᠬᠡᠭ᠂ ᠶᠠᠫᠣᠨ ᠵᠡᠷᠭᠡ ᠣᠷᠣᠨ ᠳᠤ ᠴᠢᠨᠡᠭᠡᠯᠢᠭ ᠠᠮᠢᠳᠤᠷᠠᠯ ᠲᠠᠢ ᠠᠶᠢᠯ ᠤᠨ ᠭᠡᠷᠭᠡᠢ ᠨᠠᠷ ᠥᠨᠳᠥᠷ ᠪᠣᠯᠪᠠᠰᠤᠷᠠᠯ ᠡᠵᠡᠮᠰᠢᠳᠡᠭ᠃ ᠵᠠᠷᠢᠮ ᠨᠢ ᠪᠦᠷ ᠳ᠋ᠣᠺᠲ᠋ᠣᠷ ᠤᠨ ᠵᠡᠷᠭᠡ ᠬᠠᠮᠠᠭᠠᠯᠠᠳᠠᠭ᠃ ᠭᠡᠬᠦ ᠳᠦ ᠪᠡᠨ ᠲᠡᠷᠡ ᠨᠢ ᠪᠢᠳᠡᠨ ᠦ ᠪᠣᠳᠣᠵᠤ ᠪᠠᠶᠢᠭ᠎ᠠ ᠰᠢᠭ᠋ ᠰᠤᠳᠤᠯᠭᠠᠨ ᠬᠢᠵᠦ᠂ ᠡᠰᠡᠪᠡᠯ ᠥᠨᠳᠥᠷ ᠴᠠᠯᠢᠩ ᠲᠠᠢ ᠠᠵᠢᠯ ᠳᠤ ᠤᠷᠤᠬᠤ ᠭᠡᠰᠡᠨ ᠬᠡᠷᠡᠭ ᠣᠭᠲᠣ ᠪᠢᠰᠢ᠃ ᠬᠠᠷᠢᠨ ᠦᠷ᠎ᠡ ᠬᠡᠦᠬᠡᠳ ᠢᠶᠡᠨ ᠬᠦᠮᠦᠵᠢᠭᠦᠯᠬᠦ᠂ ᠡᠷᠳᠡᠮ ᠪᠣᠯᠪᠠᠰᠤᠷᠠᠯ ᠲᠠᠢ᠂ ᠵᠥᠪ ᠢᠷᠭᠡᠨ ᠪᠣᠯᠭᠠᠵᠤ ᠲᠥᠯᠦᠪᠰᠢᠭᠦᠯᠬᠦ ᠶᠢᠨ ᠲᠤᠯᠠᠳᠠ ᠡᠬᠡᠨᠡᠷ ᠦᠳ ᠨᠢ ᠲᠡᠭᠡᠵᠦ ᠥᠪᠡᠷᠰᠡᠳ ᠦᠨ ᠢᠶᠡᠨ ᠮᠡᠳᠡᠯᠭᠡ ᠴᠢᠳᠠᠪᠤᠷᠢ ᠳᠤ ᠠᠩᠬᠠᠷᠳᠠᠭ ᠶᠤᠮ᠃ ᠡᠭᠦᠨ ᠰᠢᠭ ᠪᠢᠳᠡ ᠮᠣᠩᠭᠣᠯ ᠬᠡᠦᠬᠡᠳ ᠦᠳ ᠢ ᠬᠦᠮᠦᠵᠢᠯ ᠲᠡᠢ᠂ ᠪᠣᠯᠪᠠᠰᠤᠷᠠᠯ ᠲᠠᠢ ᠪᠣᠯᠭᠠᠬᠤ ᠶᠢᠨ ᠲᠤᠯᠠᠳᠠ ᠦᠨᠳᠦᠰᠦᠨ ᠦ ᠪᠡᠨ ᠣᠨᠴᠠᠯᠢᠭ ᠲᠤ ᠲᠣᠬᠢᠷᠠᠭᠰᠠᠨ ᠲᠣᠭᠲᠠᠯᠴᠠᠭ᠎ᠠ ᠶᠢ ᠪᠤᠢ ᠪᠣᠯᠭᠠᠬᠤ ᠬᠡᠷᠡᠭᠲᠡᠢ᠃ ᠠᠮᠧᠷᠢᠺᠠ᠂ ᠪᠠᠷᠠᠭᠤᠨ ᠤ ᠪᠣᠯᠪᠠᠰᠤᠷᠠᠯ ᠤᠨ ᠰᠢᠰᠲ᠋ᠧᠮ ᠰᠠᠶᠢᠨ ᠭᠡᠳ ᠮᠣᠩᠭᠣᠯ ᠤᠨ ᠨᠡᠶᠢᠭᠡᠮ᠂ ᠰᠤᠶᠤᠯ ᠤᠯᠠᠮᠵᠢᠯᠠᠯ᠂ ᠵᠠᠩ ᠵᠠᠩᠰᠢᠯ ᠲᠠᠢ ᠠᠪᠴᠠᠯᠳᠤᠬᠤ ᠦᠭᠡᠢ ᠵᠦᠢᠯ ᠢ ᠰᠢᠭᠤᠳ ᠲᠤᠯᠭᠠᠨ ᠨᠡᠪᠲᠡᠷᠡᠭᠦᠯᠵᠦ ᠪᠣᠯᠬᠤ ᠦᠭᠡᠢ᠃ ᠮᠣᠩᠭᠣᠯ ᠬᠦᠮᠦᠨ ᠦ ᠮᠢᠬ᠎ᠠ ᠴᠢᠰᠤᠨ ᠳᠤ ᠨᠢ ᠨᠡᠪᠴᠢᠭᠰᠡᠨ ᠣᠨᠴᠠᠯᠢᠭ ᠢ ᠪᠣᠳᠣᠯᠴᠠᠬᠤ ᠦᠭᠡᠢ᠂ ᠰᠢᠨ᠎ᠡ ᠵᠦᠢᠯ ᠣᠷᠣᠭᠤᠯᠵᠤ ᠢᠷᠡᠭᠰᠡᠨ ᠢᠶᠡᠷ ᠵᠥᠷᠢᠴᠡᠯ ᠯᠠ ᠨᠡᠮᠡᠨ᠎ᠡ ᠦᠦ ᠭᠡᠬᠦ ᠡᠴᠡ ᠲᠡᠷᠡ ᠨᠢ ᠰᠢᠭᠤᠳ ᠠᠮᠢᠳᠤᠷᠠᠯ ᠳᠤ ᠨᠡᠪᠲᠡᠷᠡᠬᠦ ᠪᠣᠯᠤᠮᠵᠢ ᠦᠭᠡᠢ᠃

ᠰᠡᠳᠬᠢᠭᠳᠡᠯ ᠦᠯᠡᠳᠡᠭᠡᠬᠦ