ᠦᠨᠳᠦᠰᠦᠨ ᠦ ᠠᠪᠤᠷᠠᠬᠤ ᠪᠠᠷᠢᠭᠠᠳ᠋ ᠤᠨ ᠠᠪᠤᠷᠠᠭᠴᠢᠳ ᠰᠢᠬᠦᠷ ᠦᠨ ᠪᠠᠭᠤᠯᠲᠠ ᠬᠢᠪᠡ | News.MN

ᠦᠨᠳᠦᠰᠦᠨ ᠦ ᠠᠪᠤᠷᠠᠬᠤ ᠪᠠᠷᠢᠭᠠᠳ᠋ ᠤᠨ ᠠᠪᠤᠷᠠᠭᠴᠢᠳ ᠰᠢᠬᠦᠷ ᠦᠨ ᠪᠠᠭᠤᠯᠲᠠ ᠬᠢᠪᠡ

 

ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠤᠨ ᠬᠠᠷᠢᠶ᠎ᠠ ᠦᠨᠳᠦᠰᠦᠨ ᠦ ᠠᠪᠤᠷᠠᠬᠤ ᠪᠠᠷᠢᠭᠠᠳ᠋ ᠰᠢᠬᠦᠷᠴᠢᠨ ᠠᠪᠤᠷᠠᠭᠴᠢᠳ ᠤᠨ ᠳᠠᠳᠤᠯᠭ᠎ᠠ ᠪᠠᠭᠤᠯᠲᠠ ᠶᠢ《ᠦᠳᠡᠯᠭᠡ》ᠨᠢᠰᠦᠯᠭᠡ ᠪᠠᠭᠤᠯᠲᠠ ᠶᠢᠨ ᠲᠠᠯᠠᠪᠠᠢ ᠳᠤ ᠵᠣᠬᠢᠶᠠᠨ ᠪᠠᠶᠢᠭᠤᠯᠵᠠᠢ᠃ ᠰᠢᠬᠦᠷ ᠦᠨ ᠵᠢᠭᠠᠪᠤᠷᠢᠯᠠᠭᠴᠢ᠂ ᠰᠢᠬᠦᠷᠴᠢᠨ ᠠᠪᠤᠷᠠᠭᠴᠢ᠂ ᠳ᠋ᠧᠰᠠᠨ᠋ᠲᠴᠢᠨ ᠠᠪᠤᠷᠠᠭᠴᠢ᠂ ᠨᠢᠰᠬᠦ ᠲᠥᠬᠥᠭᠡᠷᠦᠮᠵᠢ ᠶᠢᠨ ᠨᠢᠰᠬᠡᠭᠴᠢ ᠨᠠᠷ ᠤᠨ ᠤᠷ᠎ᠠ ᠴᠢᠳᠠᠪᠤᠷᠢ ᠶᠢ ᠳᠡᠭᠡᠭᠰᠢᠯᠡᠭᠦᠯᠬᠦ ᠵᠣᠷᠢᠯᠭ᠎ᠠ ᠪᠠᠷ ᠳᠠᠳᠤᠯᠭ᠎ᠠ ᠶᠢ ᠵᠣᠬᠢᠶᠠᠨ ᠪᠠᠶᠢᠭᠤᠯᠤᠭᠰᠠᠨ ᠪᠠᠶᠢᠨ᠎ᠠ᠃ ᠠᠪᠤᠷᠠᠭᠴᠢᠳ ᠨᠢᠰᠳᠡᠭ ᠲᠡᠷᠭᠡ ᠪᠡᠷ ᠨᠢᠰᠦᠯᠭᠡ ᠦᠢᠯᠡᠳᠴᠦ᠂ ᠰᠢᠬᠦᠷ ᠦᠨ ᠪᠠᠭᠤᠯᠲᠠ ᠬᠢᠵᠦ ᠲᠤᠷᠰᠢᠯᠭ᠎ᠠ ᠪᠠᠨ ᠠᠬᠢᠭᠤᠯᠵᠤ ᠪᠠᠶᠢᠨ᠎ᠠ ᠭᠡᠵᠦ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠤᠨ ᠬᠠᠷᠢᠶ᠎ᠠ ᠦᠨᠳᠦᠰᠦᠨ ᠦ ᠠᠪᠤᠷᠠᠬᠤ ᠪᠠᠷᠢᠭᠠᠳ᠋ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ