︽ᠡᠪᠤᠷ ᠦᠨ ᠨᠣᠮ︾ ᠢ ᠡᠮᠬᠢᠳᠬᠡᠨ ᠪᠣᠯᠪᠠᠰᠤᠷᠠᠭᠤᠯᠵᠠᠢ | News.MN

︽ᠡᠪᠤᠷ ᠦᠨ ᠨᠣᠮ︾ ᠢ ᠡᠮᠬᠢᠳᠬᠡᠨ ᠪᠣᠯᠪᠠᠰᠤᠷᠠᠭᠤᠯᠵᠠᠢ

 

ᠬᠥᠪᠰᠥᠭᠥᠯ ᠠᠶᠢᠮᠠᠭ ᠤᠨ ᠮᠣᠩᠭᠣᠯ ᠬᠡᠯᠡ ᠪᠢᠴᠢᠭ ᠦᠨ ᠵᠠᠯᠠᠭᠤ ᠪᠠᠭᠰᠢ ᠨᠠᠷ ᠡᠬᠡ ᠬᠡᠯᠡ ᠪᠢᠴᠢᠭ ᠢᠶᠡᠨ ᠬᠡᠷᠡᠭᠯᠡᠬᠦ᠂ ᠲᠦᠭᠡᠭᠡᠨ ᠳᠡᠯᠭᠡᠷᠡᠭᠦᠯᠬᠦ᠂ ᠥᠪᠯᠡᠭᠦᠯᠬᠦ ᠵᠣᠷᠢᠯᠭ᠎ᠠ ᠪᠠᠷ ᠲᠥᠷᠥ ᠶᠢᠨ ᠠᠯᠪᠠᠨ ᠬᠠᠭᠠᠭᠴᠢᠳ᠂ ᠢᠷᠭᠡᠳ᠂ ᠣᠶᠤᠲᠠᠨ ᠰᠤᠷᠤᠭᠴᠢᠳ ᠤᠨ ᠡᠬᠡ ᠬᠡᠯᠡᠨ ᠦ ᠪᠣᠯᠪᠠᠰᠤᠷᠠᠯ ᠳᠤ ᠵᠣᠷᠢᠭᠤᠯᠤᠨ ︽ᠥᠪᠥᠷ ᠦᠨ ᠨᠣᠮ︾ ᠢ ᠡᠮᠬᠢᠳᠬᠡᠨ ᠪᠣᠯᠪᠠᠰᠤᠷᠠᠭᠤᠯᠵᠠᠢ᠃
ᠲᠤᠰ ᠨᠣᠮ ᠳᠤ ᠺᠢᠷᠢᠯ᠂ ᠮᠣᠩᠭᠣᠯ ᠪᠢᠴᠢᠭ ᠦᠨ ᠳᠦᠷᠢᠮ᠂ ᠶᠠᠷᠢᠶ᠎ᠠ᠂ ᠪᠢᠴᠢᠭ ᠦᠨ ᠬᠡᠯᠡᠨ ᠳᠦ ᠲᠦᠭᠡᠮᠡᠯ ᠬᠡᠷᠡᠭᠯᠡᠭᠳᠡᠳᠡᠭ ᠦᠭᠡ ᠬᠡᠯᠡᠯᠭᠡ᠂ ᠲᠡᠳᠡᠭᠡᠷ ᠦᠨ ᠳᠦᠷᠢᠮ ᠢ ᠲᠣᠯᠢᠴᠢᠯᠠᠭᠰᠠᠨ ᠲᠠᠶᠢᠯᠪᠤᠷᠢ᠂ ᠰᠤᠩᠭᠤᠬᠤ ᠪᠣᠯᠤᠨ ᠵᠠᠳᠠᠭᠠᠢ ᠬᠡᠯᠪᠡᠷᠢ ᠶᠢᠨ ᠳᠠᠰᠬᠠᠯ ᠳᠠᠭᠠᠭᠠᠯᠭᠠᠪᠤᠷᠢ᠂ ᠮᠡᠳᠡᠯᠭᠡ ᠪᠠᠲᠤᠳᠬᠠᠬᠤ ᠰᠣᠷᠢᠯ  ᠪᠠᠭᠲᠠᠭᠰᠠᠨ ᠪᠠᠶᠢᠨ᠎ᠠ᠃ ᠬᠥᠯ ᠬᠣᠷᠢᠭ᠎ᠠ ᠲᠣᠭᠲᠠᠭᠠᠭᠰᠠᠨ ᠡᠨᠡ ᠬᠤᠭᠤᠴᠠᠭᠠᠨ ᠳᠤ ᠮᠣᠩᠭᠣᠯ ᠬᠡᠯᠡ ᠪᠢᠴᠢᠭ ᠦᠨ ᠪᠠᠭᠰᠢ ᠨᠠᠷ ᠬᠠᠮᠲᠤᠷᠠᠨ ᠬᠡᠯᠡ ᠪᠢᠴᠢᠭ ᠦᠨ ᠳᠦᠷᠢᠮ᠂ ᠳᠠᠰᠬᠠᠯ᠂ ᠳᠠᠳᠤᠯᠭ᠎ᠠ ᠠᠵᠢᠯ ᠤᠨ 40  ᠲᠦᠷᠦᠯ ᠦᠨ ᠴᠠᠬᠢᠮ ᠬᠢᠴᠢᠶᠡᠯ ᠪᠡᠯᠡᠳᠬᠡᠭᠰᠡᠨ ᠢᠶᠡᠨ 《 ᠡᠪᠦᠷ ᠦᠨ ᠨᠣᠮ》 ᠳᠦ ᠡᠮᠬᠢᠳᠬᠡᠨ ᠤᠷᠤᠭᠤᠯᠤᠭᠰᠠᠨ ᠨᠢ ᠡᠨᠡ ᠪᠠᠢᠨ᠎ᠠ᠃

ᠰᠡᠳᠬᠢᠭᠳᠡᠯ ᠦᠯᠡᠳᠡᠭᠡᠬᠦ