ᠪ᠊ · ᠪᠣᠯᠤᠳ 14 ᠬᠣᠨᠣᠭ ᠲᠦ 242.3 ᠺᠢᠯᠣᠮᠧᠲ᠋ᠷ ᠵᠠᠮ ᠲᠤᠭᠤᠯᠵᠠᠢ | News.MN

ᠪ᠊ · ᠪᠣᠯᠤᠳ 14 ᠬᠣᠨᠣᠭ ᠲᠦ 242.3 ᠺᠢᠯᠣᠮᠧᠲ᠋ᠷ ᠵᠠᠮ ᠲᠤᠭᠤᠯᠵᠠᠢ

 

ᠤᠯᠤᠰ ᠣᠷᠣᠨ ᠳᠠᠶᠠᠭᠠᠷ 14 ᠬᠣᠨᠣᠭ ᠤᠨ ᠲᠤᠷᠰᠢ ᠵᠣᠬᠢᠶᠠᠨ ᠪᠠᠶᠢᠭᠤᠯᠤᠭᠳᠠᠭᠰᠠᠨ ︽ ᠡᠷᠡᠭᠦᠯ ᠮᠡᠨᠳᠦ ᠶ᠋ᠢᠨ ᠴᠠᠬᠢᠮ ᠭᠦᠶᠦᠯᠲᠡ  2021 ︾ ᠦᠢᠯᠡ ᠠᠵᠢᠯᠯᠠᠭ᠎ᠠ 3 ᠳ᠋ᠤᠭᠠᠷ ᠰᠠᠷ᠎ᠠ ᠶ᠋ᠢᠨ 15  28 ᠤ ᠬᠣᠭᠣᠷᠣᠨᠳᠤ ᠵᠣᠬᠢᠶᠠᠨ ᠪᠠᠶᠢᠭᠤᠯᠤᠭᠳᠠᠵᠤ ᠂ 23 ᠮᠢᠩᠭ᠎ᠠ ᠭᠠᠷᠤᠢ ᠣᠷᠣᠯᠴᠠᠭᠴᠢ ᠬᠠᠮᠤᠷᠤᠭᠳᠠᠭᠰᠠᠨ ᠨᠢ ᠣᠯᠠᠨ ᠤᠯᠤᠰ ᠤᠨ ᠨᠡᠷ᠎ᠡ ᠬᠦᠨᠳᠦᠲᠡᠢ ᠂ ᠳᠡᠯᠡᠬᠡᠢ ᠶ᠋ᠢᠨ ᠰᠢᠯᠢᠳᠡᠭ ᠮᠠᠷᠠᠹᠣᠨ ᠤ ᠲᠣᠭᠠᠨ ᠦᠵᠡᠭᠦᠯᠦᠯᠲᠡ ᠳ᠋ᠥ ᠬᠦᠷᠦᠭᠰᠡᠨ ᠪᠠᠶᠢᠨ᠎ᠠ ᠃

ᠴᠠᠬᠢᠮ ᠭᠦᠶᠦᠯᠲᠡ ᠳ᠋ᠦ ᠨᠡᠶᠢᠰᠯᠡᠯ ᠦᠨ ᠪᠦᠰᠡ ᠶ᠋ᠢ ᠰᠣᠩᠭᠢᠨ᠎ᠠ ᠬᠠᠶᠢᠷᠬᠠᠨ ᠳᠡᠭᠦᠷᠭᠡ ᠂ ᠲᠥᠪ ᠤᠨ ᠪᠦᠰᠡ ᠶ᠋ᠢ ᠡᠮᠦᠨᠡᠭᠣᠪᠢ ᠠᠶᠢᠮᠠᠭ ᠂ ᠪᠠᠷᠠᠭᠤᠨ ᠪᠦᠰᠡ ᠶ᠋ᠢ ᠭᠣᠪᠢ ᠠᠯᠲᠠᠢ ᠂ ᠵᠡᠭᠦᠨ ᠪᠦᠰᠡ ᠶ᠋ᠢ ᠭᠣᠪᠢ  ᠰᠦᠮᠪᠦᠷ ᠠᠶᠢᠮᠠᠭ ᠂ ᠬᠠᠩᠭᠠᠢ ᠶ᠋ᠢᠨ ᠪᠦᠰᠡ ᠶ᠋ᠢ ᠪᠤᠯᠠᠭᠠᠨ ᠠᠶᠢᠮᠠᠭ ᠲᠡᠷᠢᠭᠦᠯᠡᠭᠰᠡᠨ ᠃ ᠲᠤᠰ ᠠᠷᠭ᠎ᠠ ᠬᠡᠮᠵᠢᠶ᠎ᠡ ᠬᠥᠮᠥᠨ ᠪᠦᠷᠢ ᠳ᠋ᠥ ᠨᠡᠭᠡᠭᠡᠯᠲᠡ ᠲᠠᠢ ᠪᠠᠶᠢᠭᠰᠠᠨ ᠪᠥᠭᠡᠳ ᠬᠠᠮᠤᠭ ᠤᠨ ᠠᠬᠠᠮᠠᠳ ᠭᠦᠶᠦᠭᠴᠢ ᠪᠡᠷ ᠬᠠᠨ ᠠᠭᠤᠯᠠ ᠳᠡᠭᠦᠷᠭᠡ ᠡᠴᠡ ᠣᠷᠣᠯᠴᠠᠭᠴᠢ ᠪ᠊ · ᠪᠣᠯᠤᠳ ᠰᠢᠯᠭᠠᠷᠠᠵᠠᠢ ᠃ ᠲᠡᠷᠡ ᠪᠡᠷ 14 ᠬᠣᠨᠣᠭ  ᠲᠤ 242.3 ᠺᠢᠯᠣᠮᠧᠲ᠋ᠷ ᠵᠠᠮ ᠲᠤᠭᠤᠯᠵᠠᠢ ᠃ ᠲᠡᠭᠦᠨ ᠢ ᠪᠡᠶ᠎ᠡ ᠶᠢᠨ ᠲᠠᠮᠢᠷ ᠰᠫᠤᠷᠲ ᠤᠨ  ᠬᠤᠷᠢᠶᠠᠨ ᠤ ᠳᠠᠷᠤᠭ᠎ᠠ ᠴ᠊ · ᠰᠢᠷᠡᠪᠵᠠᠮᠰᠤ ᠬᠦᠯᠢᠶᠡᠨ ᠠᠪᠴᠤ ᠠᠭᠤᠯᠵᠠᠨ ᠂ ᠬᠠᠮᠤᠭ ᠤᠨ ᠠᠬᠠᠮᠠᠳ ᠭᠦᠶᠦᠭᠴᠢ ᠪᠡᠷ ᠰᠢᠯᠭᠠᠷᠠᠭᠰᠠᠨ ᠪᠠᠲᠤᠯᠠᠮᠵᠢ ᠶ᠋ᠢ ᠨᠢ ᠭᠠᠷᠳᠠᠭᠤᠯᠤᠯ᠎ᠠ ᠃

ᠰᠡᠳᠬᠢᠭᠳᠡᠯ ᠦᠯᠡᠳᠡᠭᠡᠬᠦ