︽ᠤᠭ᠍ᠶᠤᠲᠤᠯᠤᠭᠠᠢ︾ 305.4 ᠮᠢᠩᠭᠠᠨ ᠲᠣᠨ ᠪᠠᠶᠠᠵᠢᠮᠠᠯ ᠣᠯᠪᠤᠷᠢᠯᠠᠭᠰᠠᠨ | News.MN

︽ᠤᠭ᠍ᠶᠤᠲᠤᠯᠤᠭᠠᠢ︾ 305.4 ᠮᠢᠩᠭᠠᠨ ᠲᠣᠨ ᠪᠠᠶᠠᠵᠢᠮᠠᠯ ᠣᠯᠪᠤᠷᠢᠯᠠᠭᠰᠠᠨ

 

ᠤᠯᠤᠰ ᠤᠨ ᠶᠡᠬᠡ ᠬᠤᠷᠠᠯ ᠤᠨ ᠴᠢᠭᠤᠯᠭᠠᠨ ᠤ ᠬᠤᠷᠠᠯᠳᠤᠭᠠᠨ ᠢᠶᠠᠷ︽ᠤᠭ᠍ᠶᠤᠲᠤᠯᠤᠭᠠᠢ ᠣᠷᠳᠣ ᠶ᠋ᠢᠨ ᠠᠰᠢᠭᠯᠠᠯᠲᠠ ᠳᠦ ᠮᠣᠩᠭᠣᠯ ᠤᠯᠤᠰ ᠤᠨ ᠡᠷᠬᠡ ᠠᠰᠢᠭ ᠢ ᠬᠠᠩᠭᠠᠭᠤᠯᠬᠤ ᠲᠤᠬᠠᠢ︾ 92 ᠳ᠋ᠤᠭᠠᠷ ᠲᠣᠭᠲᠠᠭᠠᠯ ᠤᠨ ᠬᠡᠷᠡᠭᠵᠢᠯᠲᠡ ᠶ᠋ᠢᠨ ᠲᠠᠯ᠎ᠠ ᠪᠡᠷ ᠲᠠᠯᠪᠢᠭᠰᠠᠨ ᠠᠰᠠᠭᠤᠯᠭ᠎ᠠ ᠶ᠋ᠢᠨ ᠬᠠᠷᠢᠭᠤ ᠶ᠋ᠢ ᠰᠣᠨᠣᠰᠴᠤ ᠪᠠᠶᠢᠨ᠎ᠠ ᠃

︽ᠤᠭ᠍ᠶᠤᠲᠤᠯᠤᠭᠠᠢ︾ᠺᠣᠮᠫᠠᠨᠢ 2013 ᠣᠨ ᠡᠴᠠ ᠬᠣᠶᠢᠰᠢ ᠣᠯᠪᠤᠷᠢᠯᠠᠯᠲᠠ ᠶᠠᠪᠤᠭᠤᠯᠵᠤ ᠡᠬᠢᠯᠡᠭᠰᠡᠨ ᠃ ᠡᠭᠦᠨ ᠡᠴᠡ ᠬᠣᠶᠢᠰᠢ 2019 ᠣᠨ ᠬᠦᠷᠲᠡᠯ᠎ᠡ ᠣᠯᠪᠤᠷᠢᠯᠠᠭᠰᠠᠨ ᠠᠰᠢᠭᠲᠤ ᠮᠠᠯᠲᠠᠮᠠᠯ ᠢ ᠨᠢ  ︽ᠡᠷᠳᠡᠨᠢᠲᠦ ︾ ᠦᠢᠯᠡᠳᠪᠦᠷᠢ ᠶ᠋ᠢᠨ ᠬᠢ ᠲᠠᠢ ᠬᠠᠷᠢᠴᠠᠭᠤᠯᠵᠤ ᠦᠵᠡᠭᠰᠡᠨ ᠃ ︽ᠡᠷᠳᠡᠨᠢᠲᠦ ︾ ᠦᠢᠯᠡᠳᠪᠦᠷᠢ ᠡᠨᠡ ᠬᠤᠭᠤᠴᠠᠭᠠᠨ ᠳᠦ ᠳᠥᠷᠪᠡᠨ ᠰᠠᠶ᠎ᠠ 531.8 ᠮᠢᠩᠭᠠᠨ ᠲᠣᠨ ᠪᠠᠶᠠᠵᠢᠮᠠᠯ ᠣᠯᠪᠤᠷᠢᠯᠠᠭᠰᠠᠨ ᠃ ᠡᠭᠦᠨ ᠡᠴᠡ ᠵᠡᠰ ᠨᠢᠭᠡ ᠰᠠᠶ᠎ᠠ 36.4 ᠮᠢᠩᠭᠠᠨ ᠲᠣᠨ ᠂ ᠮᠥᠩᠭᠥ 347.6 ᠮᠢᠩᠭᠠᠨ ᠲᠣᠨ ᠂ ᠮᠤᠯᠢᠪᠳ᠋ᠸᠨ 20.1 ᠮᠢᠩᠭᠠᠨ ᠲᠣᠨ ᠢ ᠣᠯᠪᠤᠷᠢᠯᠠᠭᠰᠠᠨ ᠪᠠᠶᠢᠨ᠎ᠠ ᠃ ︽ᠤᠭ᠍ᠶᠤᠲᠤᠯᠤᠭᠠᠢ︾ ᠺᠣᠮᠫᠠᠨᠢ ᠲᠠᠪᠤᠨ ᠰᠠᠶ᠎ᠠ 305.4 ᠮᠢᠩᠭᠠᠨ ᠲᠣᠨ ᠪᠠᠶᠠᠵᠢᠮᠠᠯ ᠣᠯᠪᠤᠷᠢᠯᠠᠭᠰᠠᠨ ᠃ ᠡᠭᠦᠨ  ᠤ 1242.5 ᠮᠢᠩᠭᠠᠨ ᠲᠣᠨ ᠨᠢ ᠵᠡᠰ ᠂ 77.1 ᠲᠣᠨ ᠨᠢ ᠠᠯᠲᠠ ᠂ 239.1 ᠲᠣᠨ ᠨᠢ ᠮᠥᠩᠭᠥ ᠪᠠᠢᠨ᠎ᠠ ᠃

ᠰᠡᠳᠬᠢᠭᠳᠡᠯ ᠦᠯᠡᠳᠡᠭᠡᠬᠦ