ᠠᠷᠠᠳᠴᠢᠯᠠᠭᠰᠠᠨ ᠨᠠᠮ ᠤᠨ ᠪᠦᠯᠦᠭ ᠥᠯᠥᠰᠬᠦᠯᠡᠩ ᠢᠶ᠋ᠡᠨ ᠵᠣᠭᠰᠣᠭᠠᠯ᠎ᠠ | News.MN

ᠠᠷᠠᠳᠴᠢᠯᠠᠭᠰᠠᠨ ᠨᠠᠮ ᠤᠨ ᠪᠦᠯᠦᠭ ᠥᠯᠥᠰᠬᠦᠯᠡᠩ ᠢᠶ᠋ᠡᠨ ᠵᠣᠭᠰᠣᠭᠠᠯ᠎ᠠ

 

ᠤᠯᠤᠰ ᠤᠨ ᠶᠡᠬᠡ ᠬᠤᠷᠠᠯ ᠤᠨ ᠳᠠᠷᠤᠭ᠎ᠠ ᠭ᠊ · ᠽᠠᠨᠳᠠᠨᠰᠢᠲᠠᠷ᠎ᠠ ᠰᠦᠬᠡᠪᠠᠭᠠᠲᠤᠷ ᠤᠨ ᠲᠠᠯᠠᠪᠠᠢ ᠳᠤ ᠥᠯᠥᠰᠬᠦᠯᠡᠩ ᠵᠠᠷᠯᠠᠵᠤ ᠪᠤᠢ ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠤᠨ ᠪᠦᠯᠦᠭ ᠤᠨ ᠭᠡᠰᠢᠭᠦᠳ ᠲᠠᠢ ᠠᠭᠤᠯᠵᠠᠯ᠎ᠠ ᠃ ᠲᠡᠷᠡ ᠪᠡᠷ ᠄ ᠡᠭᠦᠰᠦᠭᠰᠡᠨ ᠨᠥᠬᠥᠴᠡᠯ ᠪᠠᠶᠢᠳᠠᠯ ᠢ ᠬᠡᠯᠡᠯᠴᠡᠨ ᠰᠢᠢᠳᠪᠦᠷᠢᠯᠡᠬᠦ ᠠᠵᠢᠯ ᠤᠨ ᠬᠡᠰᠡᠭ ᠥᠨᠥᠳᠥᠷ ᠬᠤᠷᠠᠯᠳᠤᠵᠤ ᠠᠵᠢᠯ ᠤᠨ ᠢᠶᠡᠨ ᠲᠥᠯᠥᠪᠯᠡᠭᠡ ᠶ᠋ᠢ ᠪᠠᠲᠤᠯᠠᠭᠰᠠᠨ ᠃ ᠤᠯᠤᠰ ᠤᠨ ᠪᠦᠷᠢᠳᠬᠡᠯ ᠤᠨ ᠶᠡᠷᠦᠩᠬᠡᠢ ᠭᠠᠵᠠᠷ ᠤᠨ ᠠᠯᠪᠠᠨ ᠲᠤᠰᠢᠶᠠᠯᠲᠠᠳ︽ᠤᠯᠤᠰ ᠲᠥᠷᠥ ᠶ᠋ᠢᠨ ᠨᠠᠮ ᠤᠨ ᠲᠤᠬᠠᠢ︾ᠬᠠᠤᠯᠢ ᠶ᠋ᠢᠨ ᠬᠡᠷᠡᠭᠵᠢᠯᠲᠡ ᠶ᠋ᠢ ᠬᠡᠷᠬᠢᠨ ᠬᠠᠩᠭᠠᠵᠤ ᠬᠡᠷᠡᠭᠵᠢᠭᠦᠯᠦᠭᠰᠡᠨ ᠭᠡᠳᠡᠭ ᠢ ᠰᠢᠯᠭᠠᠵᠤ ᠲᠣᠭᠲᠠᠭᠠᠬᠤ ᠡᠴᠠ ᠡᠬᠢᠯᠡᠭᠡᠳ ᠨᠡᠯᠢᠶᠡᠳ ᠬᠡᠳᠦᠨ ᠠᠰᠠᠭᠤᠳᠠᠯ ᠢᠶᠠᠷ ᠲᠥᠯᠥᠪᠯᠡᠭᠡ ᠭᠠᠷᠭᠠᠭᠰᠠᠨ  ᠭᠡᠯ᠎ᠡ ᠃

ᠠᠷᠠᠳᠴᠢᠯᠠᠭᠰᠠᠨ ᠨᠠᠮ ᠤᠨ ᠪᠦᠯᠦᠭ ᠦᠨ ᠳᠠᠷᠤᠭ᠎ᠠ ᠳ᠋᠊ · ᠭᠠᠩᠪᠠᠲᠤ᠄ ᠤᠯᠤᠰ ᠤᠨ ᠶᠡᠬᠡ ᠬᠤᠷᠠᠯ ᠤᠨ ᠳᠠᠷᠤᠭ᠎ᠠ ᠢᠷᠡᠭᠡᠳ ᠮᠠᠨ ᠤ ᠪᠦᠯᠦᠭ ᠡᠴᠡ ᠲᠠᠯᠪᠢᠭᠰᠠᠨ ᠱᠠᠭᠠᠷᠳᠠᠯᠭ᠎ᠠ ᠨᠣᠭᠣᠳ ᠢ ᠬᠠᠤᠯᠢ ᠶ᠋ᠢᠨ ᠳᠠᠭᠠᠤ ᠬᠡᠷᠡᠭᠵᠢᠭᠦᠯᠬᠦ ᠪᠡᠨ ᠢᠯᠡᠷᠬᠡᠶᠢᠯᠡᠵᠦ ᠪᠠᠢᠭ᠎ᠠ ᠳᠤ ᠲᠠᠯᠠᠷᠬᠠᠵᠤ ᠪᠠᠶᠢᠨ᠎ᠠ ᠃ ᠲᠡᠶᠢᠮᠦ ᠡᠴᠡ ᠡᠨᠡ ᠴᠠᠭ ᠮᠥᠴᠡ ᠡᠴᠡ ᠦᠯᠦᠰᠭᠦᠯᠡᠩ ᠢᠶᠡᠨ ᠵᠣᠭᠰᠣᠭᠠᠵᠤ ᠪᠠᠶᠢᠨ᠎ᠠ  ᠭᠡᠪᠡ ᠃

ᠰᠡᠳᠬᠢᠭᠳᠡᠯ ᠦᠯᠡᠳᠡᠭᠡᠬᠦ