ᠰᠣᠩᠭᠣᠭᠤᠯᠢ ᠶ᠋ᠢᠨ ᠪᠦᠬᠦ ᠱᠠᠲᠤᠨ ᠤ ᠬᠣᠷᠢᠶᠠᠳ ᠪᠠᠶᠢᠭᠤᠯᠤᠭᠳᠠᠵᠤ ᠳᠠᠭᠤᠰᠤᠯ᠎ᠠ | News.MN

ᠰᠣᠩᠭᠣᠭᠤᠯᠢ ᠶ᠋ᠢᠨ ᠪᠦᠬᠦ ᠱᠠᠲᠤᠨ ᠤ ᠬᠣᠷᠢᠶᠠᠳ ᠪᠠᠶᠢᠭᠤᠯᠤᠭᠳᠠᠵᠤ ᠳᠠᠭᠤᠰᠤᠯ᠎ᠠ

︽ᠮᠣᠩᠭᠣᠯ ᠤᠯᠤᠰ ᠤᠨ ᠶᠡᠷᠦᠩᠬᠡᠶᠢᠯᠡᠭᠴᠢ ᠶ᠋ᠢᠨ ᠰᠣᠩᠭᠣᠭᠤᠯᠢ ᠶ᠋ᠢᠨ ᠲᠤᠬᠠᠢ︾ ᠬᠠᠤᠯᠢ ᠶ᠋ᠢᠨ 12 ᠳ᠋ᠤᠭᠠᠷ ᠵᠦᠢᠯ  ᠦᠨ ᠬᠤᠶᠠᠷ ᠲᠤ ᠵᠢᠭᠠᠭᠰᠠᠨ ᠤ ᠳᠠᠭᠠᠤ ᠰᠠᠨᠠᠯ ᠠᠪᠬᠤ ᠡᠳᠦᠷ ᠡᠴᠡ 30 ᠡᠴᠠ ᠳᠣᠭᠣᠭᠰᠢ ᠦᠭᠡᠢ ᠬᠣᠨᠣᠭ ᠤᠨ ᠡᠮᠦᠨ᠎ᠡ ᠪᠤᠶᠤ 2021 ᠣᠨ ᠤ 5 ᠳ᠋ᠤᠭᠠᠷ ᠰᠠᠷ᠎ᠠ ᠶ᠋ᠢᠨ 10 ᠤ ᠡᠳᠦᠷ ᠡᠴᠡ ᠡᠮᠦᠨ᠎ᠡ ᠰᠣᠩᠭᠣᠭᠤᠯᠢ ᠶ᠋ᠢᠨ ᠬᠡᠰᠡᠭ ᠤᠨ ᠬᠣᠷᠢᠶᠠᠳ ᠪᠦᠷᠢᠨ ᠪᠠᠶᠢᠭᠤᠯᠤᠭᠳᠠᠯ᠎ᠠ ᠃

ᠠᠶᠢᠮᠠᠭ ᠂ ᠨᠡᠶᠢᠰᠯᠡᠯ ᠦᠨ 22 ᠰᠣᠩᠭᠣᠭᠤᠯᠢ ᠶ᠋ᠢᠨ ᠬᠣᠷᠢᠶ᠎ᠠ ᠂ 330 ᠰᠤᠮᠤ ᠂ 9 ᠲᠡᠭᠦᠷᠭᠡ ᠶ᠋ᠢᠨ ᠰᠣᠩᠭᠣᠭᠤᠯᠢ ᠶ᠋ᠢᠨ ᠬᠣᠷᠢᠶ᠎ᠠ ᠂ 2087 ᠬᠡᠰᠡᠭ ᠤᠨ ᠬᠣᠷᠢᠶᠠᠳ ᠲᠤ ᠨᠡᠶᠢᠲᠡ 18,647 ᠲᠥᠷᠥ ᠶ᠋ᠢᠨ ᠵᠠᠬᠢᠷᠭᠠᠨ ᠤ ᠪᠣᠯᠣᠨ ᠦᠢᠯᠡᠴᠢᠯᠡᠭᠡᠨ ᠤ ᠠᠯᠪᠠᠨ ᠬᠠᠭᠠᠭᠴᠢ ᠠᠵᠢᠯᠯᠠᠬᠤ ᠶᠤᠮ ᠃ ᠲᠡᠭᠦᠨᠴᠢᠯᠡᠨ ᠰᠣᠩᠭᠣᠭᠤᠯᠢ ᠶ᠋ᠢᠨ ᠠᠦ᠋ᠲ᠋ᠣᠮᠠᠲ᠋ᠵᠢᠭᠤᠯᠤᠭᠰᠠᠨ ᠰᠢᠰᠲ᠋ᠧᠮ  ᠤᠨ ᠬᠡᠪ  ᠤᠨ ᠦᠢᠯᠡ ᠠᠵᠢᠯᠯᠠᠭ᠎ᠠ ᠶ᠋ᠢ ᠬᠠᠩᠭᠠᠨ ᠠᠵᠢᠯᠯᠠᠬᠤ ᠮᠡᠳᠡᠭᠡᠯᠡᠯ  ᠤᠨ ᠲᠧᠭᠨᠣᠯᠣᠭᠢ ᠶ᠋ᠢᠨ 31 ᠪᠠᠭ  ᠲᠤ 148 ᠭᠡᠰᠢᠭᠦᠨ ᠂ ᠰᠠᠨᠠᠯ ᠠᠪᠬᠤ ᠪᠠᠶᠢᠷᠢ ᠨᠤᠭᠤᠳ ᠲᠤ ᠨᠡᠶᠢᠲᠡ 2481 ᠳᠠᠭᠠᠭᠠᠮᠠᠯ ᠠᠵᠢᠯᠯᠠᠬᠤ ᠶᠤᠮ ᠃

ᠰᠡᠳᠬᠢᠭᠳᠡᠯ ᠦᠯᠡᠳᠡᠭᠡᠬᠦ