ᠪᠣᠺᠰᠴᠢᠳ ᠪᠠᠭ ᠤᠨ ᠳ᠋ᠦᠩ ᠢᠶ᠋ᠡᠷ ᠲᠡᠷᠢᠭᠦᠯᠡᠪᠡ | News.MN

ᠪᠣᠺᠰᠴᠢᠳ ᠪᠠᠭ ᠤᠨ ᠳ᠋ᠦᠩ ᠢᠶ᠋ᠡᠷ ᠲᠡᠷᠢᠭᠦᠯᠡᠪᠡ

 

ᠴᠧᠬᠤ᠋ ᠤᠯᠤᠰ  ᠲᠤ ᠵᠣᠬᠢᠶᠠᠨ ᠪᠠᠶᠢᠭᠤᠯᠤᠭᠰᠠᠨ ᠭᠷᠡᠨᠫᠡᠷᠢ ᠣᠯᠠᠨ ᠤᠯᠤᠰ ᠤᠨ ᠲᠡᠮᠡᠴᠡᠭᠡᠨ ᠳ᠋ᠥ ᠮᠣᠩᠭᠣᠯ ᠤᠨ ᠪᠣᠺᠰ ᠤᠨ ᠦᠨᠳᠦᠰᠦᠨ ᠤ ᠪᠠᠭ ᠤᠨ ᠲᠠᠮᠢᠷᠴᠢᠳ ᠣᠷᠣᠯᠴᠠᠵᠤ ᠂ ᠬᠣᠶᠠᠷ ᠠᠯᠲᠠ ᠂ ᠳᠥᠷᠪᠡᠨ ᠮᠥᠩᠭᠥ ᠂ ᠬᠣᠶᠠᠷ ᠬᠦᠷᠡᠯ ᠮᠧᠳᠠᠯ  ᠬᠦᠷᠲᠡᠵᠦ᠂ ᠪᠠᠭ ᠤᠨ ᠳ᠋ᠦᠩ ᠢᠶ᠋ᠡᠷ ᠨᠢᠭᠡᠳᠦᠭᠡᠷ ᠪᠠᠶᠢᠷᠢ ᠳᠦ ᠰᠢᠯᠭᠠᠷᠠᠪᠠ ᠃  ᠡᠮᠡᠭᠲᠡᠢ 57  ᠺᠢᠯᠦᠭᠷᠡᠮ ᠤᠨ ᠵᠢᠩ ᠳ᠋ᠦ ᠣ᠊ · ᠶᠢᠰᠦᠭᠡᠨ ᠂ ᠡᠷᠡᠭᠲᠡᠢ 63 ᠺᠢᠯᠦᠭᠷᠡᠮ ᠤᠨ ᠵᠢᠩ ᠳ᠋ᠦ ᠡ᠊ · ᠴᠡᠨᠳᠡᠪᠠᠭᠠᠲᠤᠷ ᠠᠯᠲᠠᠨ ᠮᠧᠳᠠᠯ ᠬᠦᠷᠲᠡᠯ᠎ᠡ ᠃

ᠴᠧᠬᠤ᠋ ᠳᠤ ᠲᠡᠮᠡᠴᠡᠭᠡᠨ ᠳ᠋ᠥ ᠣᠷᠣᠯᠴᠠᠭᠰᠠᠨ ᠪᠣᠺᠰ ᠤᠨ ᠪᠠᠭ ᠲᠠᠮᠢᠷᠴᠢᠳ ᠡᠨᠡ ᠰᠠᠷ᠎ᠠ ᠶ᠋ᠢᠨ 9  20 ᠤ ᠬᠣᠭᠣᠷᠣᠨᠳᠤ ᠭᠧᠷᠮᠠᠨ᠂ ᠺᠦᠪᠡ ᠶ᠋ᠢᠨ ᠲᠠᠮᠢᠷᠴᠢᠨ ᠲᠠᠢ ᠬᠠᠮᠲᠤᠷᠠᠭᠰᠠᠨ ᠪᠡᠯᠡᠳᠬᠡᠯ ᠬᠢᠵᠦ ᠂ 21 ᠡᠴᠡ ᠵᠢᠷᠭᠤᠳᠤᠭᠠᠷ ᠰᠠᠷ᠎ᠠ ᠶ᠋ᠢᠨ 1 ᠤ ᠬᠣᠭᠣᠷᠣᠨᠳᠤ ᠳ᠋ᠦᠪᠠᠢ ᠬᠣᠲᠠᠨ᠎ᠠ ᠵᠣᠬᠢᠶᠠᠨ ᠪᠠᠶᠢᠭᠤᠯᠤᠭᠳᠠᠬᠤ ᠠᠽᠢᠶ᠎ᠠ ᠶ᠋ᠢᠨ ᠠᠪᠤᠷᠭᠤ ᠳᠤ ᠣᠷᠣᠯᠴᠠᠨ᠎ᠠ ᠃

ᠰᠡᠳᠬᠢᠭᠳᠡᠯ ᠦᠯᠡᠳᠡᠭᠡᠬᠦ