ᠰ᠊ · ᠡᠷᠳᠡᠨᠢ ᠄  ᠬᠡᠳᠦᠬᠡᠨ ᠬᠣᠨᠣᠭ ᠤᠨ ᠡᠮᠦᠨ᠎ᠡ ᠨᠡᠷ᠎ᠡ ᠳᠡᠪᠰᠢᠬᠦ ᠪᠣᠳᠣᠯ ᠪᠠᠶᠢᠭ᠎ᠠ ᠦᠭᠡᠢ | News.MN

ᠰ᠊ · ᠡᠷᠳᠡᠨᠢ ᠄  ᠬᠡᠳᠦᠬᠡᠨ ᠬᠣᠨᠣᠭ ᠤᠨ ᠡᠮᠦᠨ᠎ᠡ ᠨᠡᠷ᠎ᠡ ᠳᠡᠪᠰᠢᠬᠦ ᠪᠣᠳᠣᠯ ᠪᠠᠶᠢᠭ᠎ᠠ ᠦᠭᠡᠢ

 

ᠮ᠊·ᠲᠤᠯᠭᠠᠲᠤ ᠳᠠᠷᠤᠭ᠎ᠠ ᠲᠠᠢ ᠠᠷᠠᠳᠴᠢᠯᠠᠭᠰᠠᠨ ᠨᠠᠮ ᠡᠴᠠ ᠮᠡᠳᠡᠭᠡᠯᠡᠯ ᠬᠢᠯ᠎ᠡ ᠃ ᠨᠠᠮ ᠤᠨ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠴ᠊ · ᠥᠨᠢᠷᠪᠠᠶᠠᠷ᠄ ᠶᠡᠷᠦᠩᠬᠡᠶᠢᠯᠡᠭᠴᠢ ᠶ᠋ᠢᠨ ᠰᠣᠩᠭᠣᠭᠤᠯᠢ  ᠳᠦ ᠨᠡᠷ᠎ᠡ ᠳᠡᠪᠰᠢᠭᠴᠢ ᠰ᠊·ᠡᠷᠳᠡᠨᠢ ᠶ᠋ᠢᠨ ᠮᠠᠲ᠋ᠧᠷᠢᠶᠠᠯ ᠢ ᠰᠣᠩᠭᠣᠭᠤᠯᠢ ᠶ᠋ᠢᠨ ᠶᠡᠷᠦᠩᠬᠡᠢ ᠬᠣᠷᠢᠶ᠎ᠠ ᠬᠦᠯᠢᠶᠡᠨ ᠠᠪᠴᠤ ᠪᠠᠶᠢᠭ᠎ᠠ ᠪᠠᠨ ᠥᠴᠥᠭᠡᠳᠦᠷ ᠮᠡᠳᠡᠭᠳᠡᠭᠰᠡᠨ ᠃ ᠪᠦᠬᠦ ᠵᠦᠢᠯ ᠬᠠᠤᠯᠢ ᠶ᠋ᠢᠨ ᠳᠠᠭᠠᠤ ᠶᠠᠪᠤᠵᠤ ᠪᠠᠶᠢᠭ᠎ᠠ ᠤᠴᠢᠷ ᠡᠴᠠ ᠪᠢᠳᠠ ᠰᠣᠩᠭᠣᠭᠤᠯᠢ ᠶ᠋ᠢᠨ ᠢᠶ᠋ᠡᠨ ᠠᠵᠢᠯ  ᠳᠦ ᠣᠷᠣᠵᠤ ᠪᠠᠶᠢᠭ᠎ᠠ  ᠭᠡᠯ᠎ᠡ ᠃

ᠨᠡᠷ᠎ᠡ ᠳᠡᠪᠰᠢᠭᠴᠢ ᠰ᠊ ·ᠡᠷᠳᠡᠨᠢ᠄ ᠬᠡᠳᠦᠬᠡᠨ ᠬᠣᠨᠣᠭ ᠤᠨ ᠡᠮᠦᠨ᠎ᠡ ᠨᠠᠳᠠ ᠳᠦ ᠶᠡᠷᠦᠩᠬᠡᠶᠢᠯᠡᠭᠴᠢ ᠶ᠋ᠢᠨ ᠰᠣᠩᠭᠣᠭᠤᠯᠢ  ᠳᠦ ᠨᠡᠷ᠎ᠡ ᠳᠡᠪᠰᠢᠬᠦ ᠪᠣᠳᠣᠯ ᠪᠠᠶᠢᠭ᠎ᠠ ᠦᠭᠡᠢ ᠃ ᠠᠷᠠᠳᠴᠢᠯᠠᠭᠰᠠᠨ ᠨᠠᠮ ᠤᠨ ᠤᠳᠤᠷᠢᠳᠤᠯᠭ᠎ᠠ  ᠨᠠᠳᠠ  ᠳᠦ ᠰᠠᠨᠠᠯ ᠲᠠᠯᠪᠢᠭᠰᠠᠨ ᠃ ᠠᠷᠠᠳᠴᠢᠯᠠᠯ ᠤᠨ ᠰᠠᠭᠤᠷᠢ ᠵᠠᠷᠴᠢᠮ ᠤᠷᠤᠭᠤ ᠬᠠᠯᠳᠠᠭᠰᠠᠨ ᠦᠢᠯᠡᠳᠦᠯ ᠭᠠᠷᠬᠤ ᠪᠣᠯᠣᠭᠰᠠᠨ ᠤᠴᠢᠷ ᠡᠴᠠ ᠨᠡᠷ᠎ᠡ ᠪᠡᠨ ᠳᠡᠪᠰᠢᠭᠦᠯᠬᠦ ᠨᠢ ᠵᠥᠪ ᠶᠤᠮ ᠪᠠᠶᠢᠨ᠎ᠠ ᠭᠡᠵᠦ ᠦᠵᠡᠭᠰᠡᠨ ᠶᠤᠮ ᠃ ᠥᠨᠥᠳᠥᠷ ᠭᠠᠳᠠᠨ᠎ᠠ ᠡᠴᠠ ᠣᠷᠣᠵᠤ ᠢᠷᠡᠴᠢᠬᠡᠭᠡᠳ ᠮᠠᠷᠭᠠᠰᠢ ᠰᠢᠭᠤᠳ ᠠᠷᠠᠳᠴᠢᠯᠠᠭᠰᠠᠨ ᠨᠠᠮ ᠡᠴᠠ ᠶᠡᠷᠦᠩᠬᠡᠶᠢᠯᠡᠭᠴᠢ ᠳ᠋ᠦ ᠨᠡᠷ᠎ᠡ ᠪᠡᠨ ᠳᠡᠪᠰᠢᠭᠦᠯᠵᠦ ᠪᠠᠶᠢᠭ᠎ᠠ ᠨᠢ ᠦᠨᠡᠬᠡᠷ ᠶᠣᠰᠣ ᠵᠦᠢ ᠦᠭᠡᠢ ᠦᠢᠯᠡᠳᠦᠯ  ᠭᠡᠪᠡ ᠃

ᠰᠡᠳᠬᠢᠭᠳᠡᠯ ᠦᠯᠡᠳᠡᠭᠡᠬᠦ