ᠨ᠊ · ᠡᠩᠬᠡᠪᠠᠶᠠᠷ ᠄  ᠮᠠᠨ ᠤ ᠨᠠᠮ ᠡᠴᠠ ᠪᠠᠭ᠎ᠠ ᠬᠤᠷᠠᠯ ᠳᠤ 110 ᠬᠥᠮᠥᠨ ᠣᠷᠣᠵᠤ ᠠᠵᠢᠯᠯᠠᠨ᠎ᠠ | News.MN

ᠨ᠊ · ᠡᠩᠬᠡᠪᠠᠶᠠᠷ ᠄  ᠮᠠᠨ ᠤ ᠨᠠᠮ ᠡᠴᠠ ᠪᠠᠭ᠎ᠠ ᠬᠤᠷᠠᠯ ᠳᠤ 110 ᠬᠥᠮᠥᠨ ᠣᠷᠣᠵᠤ ᠠᠵᠢᠯᠯᠠᠨ᠎ᠠ

 

ᠮᠣᠩᠭᠣᠯ ᠠᠷᠠᠳ ᠤᠨ ᠨᠠᠮ ᠲᠠᠢ ᠨᠢᠭᠡᠳᠬᠦ ᠪᠡᠷ ᠪᠣᠯᠵᠤ ᠭᠡᠷ᠎ᠡ ᠪᠠᠢᠭᠤᠯᠤᠭᠰᠠᠨ ᠮᠣᠩᠭᠣᠯ ᠠᠷᠠᠳ ᠤᠨ ᠬᠤᠪᠢᠰᠬᠠᠯᠲᠤ ᠨᠠᠮ ᠡᠴᠠ ᠮᠡᠳᠡᠭᠡᠯᠡᠯ ᠬᠢᠯ᠎ᠡ ᠃ ᠲᠤᠰ ᠨᠠᠮ ᠥᠴᠥᠭᠡᠳᠦᠷ ᠪᠠᠭ᠎ᠠ ᠴᠢᠭᠤᠯᠭᠠᠨ ᠢᠶᠡᠨ ᠬᠤᠷᠠᠯᠳᠤᠭᠤᠯᠵᠤ ᠂ ᠶᠡᠷᠦᠩᠬᠡᠶᠢᠯᠡᠭᠴᠢ ᠶ᠋ᠢᠨ ᠰᠣᠩᠭᠣᠭᠤᠯᠢ ᠳᠤ ᠨᠡᠷ᠎ᠡ ᠳᠡᠪᠰᠢᠭᠴᠢ ᠮᠣᠩᠭᠣᠯ ᠠᠷᠠᠳ ᠤᠨ ᠨᠠᠮ ᠤᠨ ᠳᠠᠷᠤᠭ᠎ᠠ ᠤ᠊ · ᠬᠦᠷᠡᠯᠰᠦ᠋ᠬᠡ ᠶ᠋ᠢ ᠳᠡᠮᠵᠢᠵᠦ ᠠᠵᠢᠯᠯᠠᠬᠤ ᠰᠢᠢᠳᠪᠦᠷᠢ ᠭᠠᠷᠭᠠᠵᠠᠢ ᠃ ᠮᠥᠨ ᠨᠠᠮ ᠤᠨ ᠢᠶᠡᠨ ᠡᠭᠡᠯᠵᠢᠲᠦ ᠪᠤᠰᠤ ᠶᠡᠬᠡ ᠴᠢᠭᠤᠯᠭᠠᠨ ᠢ ᠡᠨᠡ ᠰᠠᠷ᠎ᠠ ᠶ᠋ᠢᠨ 16 ᠳ᠋ᠥ ᠬᠤᠷᠠᠯᠳᠤᠭᠤᠯᠬᠤ ᠪᠠᠷ ᠪᠣᠯᠣᠭᠰᠠᠨ ᠪᠠᠶᠢᠨ᠎ᠠ ᠃ ᠶᠡᠬᠡ ᠴᠢᠭᠤᠯᠭᠠᠨ ᠢᠶᠠᠷ ᠢᠶᠡᠨ ᠮᠣᠩᠭᠣᠯ ᠠᠷᠠᠳ ᠤᠨ ᠨᠠᠮ ᠲᠠᠢ ᠨᠢᠭᠡᠳᠬᠦ ᠰᠢᠢᠳᠪᠦᠷᠢ ᠪᠡᠨ ᠪᠠᠲᠤᠯᠠᠭᠠᠵᠢᠭᠤᠯᠬᠤ ᠶᠤᠮ ᠪᠠᠶᠢᠨ᠎ᠠ ᠃

ᠮᠡᠳᠡᠭᠡᠯᠡᠯ  ᠤᠨ ᠦᠶ᠎ᠡ ᠪᠡᠷ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠳᠠᠷᠤᠭ᠎ᠠ ᠨ᠊ · ᠡᠩᠬᠡᠪᠠᠶᠠᠷ ᠰᠡᠳᠬᠦᠯᠴᠢᠳ ᠦᠨ ᠠᠰᠠᠭᠤᠯᠲᠠ ᠳᠤ ᠬᠠᠷᠢᠭᠤᠯᠬᠤ ᠳ᠋ᠤ ᠪᠠᠨ᠄ ᠮᠣᠩᠭᠣᠯ ᠠᠷᠠᠳ ᠤᠨ ᠨᠠᠮ ᠤᠨ ᠤᠳᠤᠷᠢᠳᠬᠤ ᠵᠥᠪᠯᠡᠯ ᠳ᠋ᠥ ᠮᠠᠨ ᠤ ᠨᠠᠮ ᠡᠴᠠ ᠨᠠᠢᠮᠠ ᠂ ᠪᠠᠭ᠎ᠠ ᠬᠤᠷᠠᠯ ᠳᠦ 110 ᠬᠥᠮᠥᠨ ᠣᠷᠣᠬᠤ ᠪᠡᠷ ᠲᠣᠬᠢᠷᠠᠯᠴᠠᠭᠰᠠᠨ ᠃ ᠮᠥᠨ ᠠᠶᠢᠮᠠᠭ ᠂ ᠨᠡᠶᠢᠰᠯᠡᠯ ᠦᠨ ᠲᠡᠷᠢᠭᠦᠯᠡᠭᠴᠢᠳ ᠲᠦ ᠵᠢᠷᠭᠤᠭ᠎ᠠ ᠂ ᠳᠡᠭᠦᠷᠭᠡ ᠂ ᠰᠤᠮᠤ ᠶ᠋ᠢᠨ ᠨᠠᠮ ᠤᠨ ᠲᠡᠷᠢᠭᠦᠯᠡᠭᠴᠢᠳ ᠲᠦ ᠳᠥᠷᠪᠡᠨ ᠬᠥᠮᠥᠨ ᠮᠠᠨ ᠤ ᠨᠠᠮ ᠡᠴᠠ ᠣᠷᠣᠵᠤ ᠠᠵᠢᠯᠯᠠᠨ᠎ᠠ ᠃ ᠡᠨᠡ ᠮᠡᠲᠦ ᠪᠡᠷ ᠨᠠᠮ ᠤᠨ ᠢᠶᠡᠨ ᠪᠦᠲᠦᠴᠡ ᠪᠦᠷᠢᠯᠳᠦᠬᠦᠨ ᠢ ᠶᠠᠮᠠᠷ ᠪᠠᠶᠢᠯᠭᠠᠬᠤ ᠲᠠᠯ᠎ᠠ ᠪᠡᠷ ᠲᠣᠬᠢᠷᠠᠯᠴᠠᠭᠰᠠᠨ ᠃ ᠭᠡᠬᠦ ᠳ᠋ᠦ ᠪᠡᠨ ᠵᠥᠪᠬᠡᠨ ᠲᠣᠭ᠎ᠠ ᠯᠡ ᠲᠣᠬᠢᠷᠠᠭᠰᠠᠨ ᠃ ᠲᠡᠭᠦᠨ ᠡᠴᠡ ᠪᠤᠰᠤ ᠬᠡᠨ ᠨᠢᠭᠡᠨ ᠬᠥᠮᠥᠨ ᠤ ᠲᠠᠯ᠎ᠠ ᠪᠡᠷ ᠲᠣᠬᠢᠷᠠᠭ᠎ᠠ ᠬᠢᠭᠡ ᠦᠭᠡᠢ ᠃ ᠪᠢ ᠬᠤᠪᠢ ᠳ᠋ᠤ ᠪᠠᠨ ᠶᠠᠮᠠᠷ ᠨᠢᠭᠡᠨ  ᠰᠤᠩᠭᠤᠭᠤᠯᠢᠲᠤ ᠠᠵᠢᠯ ᠬᠢᠬᠦ ᠦᠭᠡᠢ ᠭᠡᠵᠦ ᠪᠣᠳᠣᠵᠤ ᠪᠠᠶᠢᠭ᠎ᠠ ᠃ ᠮᠣᠩᠭᠣᠯ ᠠᠷᠠᠳ ᠤᠨ ᠨᠠᠮ ᠤᠨ ᠤᠳᠤᠷᠢᠳᠬᠤ ᠵᠥᠪᠯᠡᠯ ᠂ ᠪᠠᠭ᠎ᠠ ᠬᠤᠷᠠᠯ ᠳᠤ ᠣᠷᠣᠶ᠎ᠠ ᠭᠡᠪᠡᠯ ᠨᠠᠮ᠎ᠠ ᠶ᠋ᠢ ᠬᠦᠨᠳᠦᠳᠬᠡᠭᠡᠳ ᠣᠷᠣᠭᠤᠯᠬᠤ ᠯᠡ ᠪᠠᠶᠢᠬ᠎ᠠ ᠃ ᠭᠡᠬᠦ ᠳ᠋ᠦ ᠪᠡᠨ ᠪᠢ ᠣᠷᠣᠬᠤ ᠦᠭᠡᠢ ᠃ ᠰᠣᠩᠭᠢᠨ᠎ᠠ ᠬᠠᠶᠢᠷᠬᠠᠨ ᠲᠡᠭᠦᠷᠭᠡ ᠶ᠋ᠢᠨ ᠨᠥᠬᠥᠨ ᠰᠣᠩᠭᠣᠭᠤᠯᠢ ᠳᠤ ᠬᠡᠨ ᠢᠯᠠᠬᠤ ᠮᠠᠭᠠᠳᠯᠠᠯ ᠲᠠᠢ ᠨᠢ ᠯᠡ ᠣᠷᠣᠬᠤ ᠬᠡᠷᠡᠭᠲᠡᠢ ᠃ ᠲᠡᠭᠦᠨ ᠡᠴᠡ ᠪᠢᠰᠢ ᠵᠠᠪᠠᠯ  ᠪᠠᠲᠤᠱᠤᠭᠠᠷ᠎ᠠ ᠶᠢ ᠡᠰᠡᠪᠡᠯ ᠲᠤᠯᠭ᠎ᠠ ᠶ᠋ᠢ ᠨᠡᠷ᠎ᠡ ᠳᠡᠪᠰᠢᠭᠦᠯᠦᠨ᠎ᠡ ᠭᠡᠵᠦ ᠲᠣᠬᠢᠷᠠᠯᠴᠠᠭᠰᠠᠨ ᠵᠦᠢᠯ ᠪᠠᠶᠢᠬᠤ ᠦᠭᠡᠢ  ᠭᠡᠯ᠎ᠡ ᠃

ᠰᠡᠳᠬᠢᠭᠳᠡᠯ ᠦᠯᠡᠳᠡᠭᠡᠬᠦ