︽ ᠠᠮᠢᠨ ᠬᠡᠯᠬᠢᠶ᠎ᠡ ᠪᠠᠶᠢᠭᠠᠯᠢ ᠰᠠᠩ ︾ ᠬᠠᠷᠮᠠᠭ ᠤᠨ 3800 ᠦᠷ᠎ᠡ ᠬᠠᠨᠳᠢᠪᠯᠠᠵᠠᠢ | News.MN

︽ ᠠᠮᠢᠨ ᠬᠡᠯᠬᠢᠶ᠎ᠡ ᠪᠠᠶᠢᠭᠠᠯᠢ ᠰᠠᠩ ︾ ᠬᠠᠷᠮᠠᠭ ᠤᠨ 3800 ᠦᠷ᠎ᠡ ᠬᠠᠨᠳᠢᠪᠯᠠᠵᠠᠢ

 

ᠡᠮᠦᠨᠡᠭᠣᠪᠢ ᠠᠢᠮᠠᠭ ᠲᠤ ᠪᠠᠶᠢᠭᠠᠯᠢ ᠬᠠᠮᠠᠭᠠᠯᠠᠬᠤ ᠴᠢᠭᠯᠡᠯ ᠢᠶ᠋ᠡᠷ ᠦᠢᠯᠡ ᠠᠵᠢᠯᠯᠠᠭ᠎ᠠ ᠶᠠᠪᠤᠭᠤᠯᠳᠠᠭ ︽  ᠠᠮᠢᠨ ᠬᠡᠯᠬᠢᠶ᠎ᠡ ᠪᠠᠶᠢᠭᠠᠯᠢ ᠰᠠᠩ︾ᠲᠦᠷᠦ ᠶᠢᠨ ᠪᠤᠰᠤ ᠪᠠᠢᠭᠤᠯᠤᠯᠭ᠎ᠠ ᠳᠤ ᠤᠭ᠍ᠶᠤᠲᠤᠯᠤᠭᠠᠢ  ᠺᠣᠮᠫᠠᠨᠢ  ᠬᠠᠷᠮᠠᠭ ᠤᠨ 3800 ᠦᠷ᠎ᠡ ᠬᠠᠨᠳᠢᠪᠯᠠᠯ᠎ᠠ ᠃

︽ᠠᠮᠢᠨ ᠬᠡᠯᠬᠢᠶ᠎ᠡ ᠪᠠᠶᠢᠭᠠᠯᠢ ᠰᠠᠩ︾ᠲᠥᠷᠥ ᠶ᠋ᠢᠨ ᠪᠤᠰᠤ ᠪᠠᠶᠢᠭᠤᠯᠭ᠎ᠠ ᠶ᠋ᠢᠨ ᠲᠡᠷᠢᠭᠦᠨ ᠪ᠊ • ᠪᠠᠶᠠᠷᠴᠢᠮᠡᠭ᠄ ᠮᠠᠨᠠᠢ ᠪᠠᠶᠢᠭᠤᠯᠭ᠎ᠠ ᠨᠢ ᠪᠠᠶᠢᠭᠠᠯᠢ ᠶ᠋ᠢᠨ ᠵᠢᠮᠢᠰᠲᠤ ᠪᠤᠲᠠ ᠬᠠᠮᠠᠭᠠᠯᠠᠬᠤ ᠲᠥᠰᠥᠯ ᠢ ᠰᠠᠨᠠᠭᠠᠴᠢᠯᠠᠨ ᠂ 2012 ᠣᠨ ᠡᠴᠠ ᠬᠠᠷᠮᠠᠭ ᠵᠢᠮᠢᠰ ᠪᠣᠯᠣᠨ ᠭᠣᠪᠢ ᠶ᠋ᠢᠨ ᠪᠤᠰᠤᠳ ᠤᠷᠭᠤᠮᠠᠯ ᠢ ᠦᠷ᠎ᠡ ᠪᠡᠷ ᠪᠣᠯᠣᠨ ᠰᠢᠵᠢᠮ ᠢᠶ᠋ᠡᠷ ᠲᠠᠷᠢᠶᠠᠯᠠᠬᠤ ᠠᠵᠢᠯ ᠤᠳ ᠢ ᠰᠤᠳᠤᠯᠭᠠᠨ ᠤ ᠲᠦᠪᠰᠢᠨ ᠳ᠋ᠦ ᠬᠢᠵᠦ ᠭᠦᠢᠴᠡᠳᠬᠡᠨ ᠂ ᠦᠢᠯᠡ ᠠᠵᠢᠯᠯᠠᠭ᠎ᠠ ᠪᠠᠨ ᠢᠯᠡᠭᠦᠦ ᠥᠷᠭᠡᠵᠢᠭᠦᠯᠦᠨ ᠠᠵᠢᠯᠯᠠᠭᠰᠠᠭᠠᠷ ᠢᠷᠡᠭᠰᠡᠨ ᠃  ᠪᠢᠳᠡᠨ ᠦ ᠠᠵᠢᠯ ᠢ  ᠤᠭ᠍ᠶᠤᠲᠤᠯᠤᠭᠠᠢ ᠺᠣᠮᠫᠠᠨᠢ ᠰᠠᠶᠢᠰᠢᠶᠠᠨ ᠳᠡᠮᠵᠢᠵᠦ ᠪᠠᠶᠢᠨ᠎ᠠ ᠃ ᠤᠭ ᠺᠣᠮᠫᠠᠨᠢ ᠪᠠᠶᠢᠭᠠᠯᠢ ᠶ᠋ᠢᠨ ᠤᠷᠭᠤᠮᠠᠯ ᠤᠨ ᠦᠷᠡᠵᠢᠭᠦᠯᠭᠡ ᠶ᠋ᠢᠨ ᠭᠠᠵᠠᠷ  ᠲᠤ ᠪᠠᠨ᠂ ᠭᠣᠪᠢ ᠶ᠋ᠢᠨ ᠪᠦᠰᠡ ᠨᠤᠲᠤᠭ ᠤᠨ ᠮᠣᠳᠣᠯᠢᠭ ᠂ ᠰᠥᠭᠡᠭ ᠤᠷᠭᠤᠮᠠᠯ ᠤᠳ ᠢ ᠦᠷᠡᠵᠢᠭᠦᠯᠵᠦ ᠪᠠᠶᠢᠭ᠎ᠠ ᠶᠤᠮ ᠃ 2019 ᠣᠨ ᠡᠴᠡ ᠡᠬᠢᠯᠡᠨ ᠪᠢᠳᠡᠨ ᠳᠦ ᠬᠠᠷᠮᠠᠭ ᠪᠣᠯᠣᠨ ᠪᠤᠰᠤᠳ ᠰᠦᠬᠡᠭ ᠤᠷᠭᠤᠮᠠᠯ ᠤᠨ ᠰᠠᠭᠤᠯᠭᠠᠴᠠ ᠬᠠᠨᠳᠢᠪᠯᠡᠵᠤ ᠪᠠᠶᠢᠨ᠎ᠠ ᠭᠡᠯ᠎ᠡ ᠃

ᠰᠡᠳᠬᠢᠭᠳᠡᠯ ᠦᠯᠡᠳᠡᠭᠡᠬᠦ