ᠴᠣᠬᠣᠷ ᠢᠷᠪᠢᠰ ᠦᠨ ᠬᠣᠯᠪᠣᠭᠠᠰᠤ ᠨᠤᠲᠤᠭ ᠢ ᠲᠣᠭᠲᠠᠭᠠᠯ᠎ᠠ  | News.MN

ᠴᠣᠬᠣᠷ ᠢᠷᠪᠢᠰ ᠦᠨ ᠬᠣᠯᠪᠣᠭᠠᠰᠤ ᠨᠤᠲᠤᠭ ᠢ ᠲᠣᠭᠲᠠᠭᠠᠯ᠎ᠠ 

 

ᠤᠪᠰᠤ ᠠᠢᠮᠠᠭ ᠤᠨ ᠨᠠᠷᠠᠨᠪᠤᠯᠠᠭ ᠰᠤᠮᠤ ᠶᠢᠨ ᠨᠤᠲᠤᠭ ᠯᠤᠭᠵᠢᠭᠠᠨ ᠬᠦᠷᠢᠶ᠎ᠡ ᠬᠡᠮᠡᠬᠦ ᠭᠠᠵᠠᠷ ᠬᠠᠪᠤᠷᠵᠢᠵᠤ ᠪᠠᠶᠢᠭ᠎ᠠ ᠡᠮᠦᠨᠡᠭᠣᠪᠢ ᠰᠤᠮᠤ ᠶᠢᠨ ᠮᠠᠯᠴᠢᠨ ᠪ ∙ ᠡᠩᠬᠡᠪᠠᠭᠠᠲᠤᠷ ᠤᠨ ᠭᠡᠷ ᠡᠴᠡ 1500ᠮᠸᠲᠷ ᠣᠷᠴᠢᠮ ᠵᠠᠶᠢᠲᠠᠢ ᠭᠠᠵᠠᠷ ᠢᠷᠪᠢᠰ ᠬᠡᠪᠲᠡᠵᠦ ᠪᠠᠶᠢᠭᠰᠠᠨ ᠢ 2021 ᠣᠨ ᠤ 4 ᠍ ᠳᠦᠭᠡᠷ ᠰᠠᠷ᠎ᠠ ᠶᠢᠨ 17 ᠍ ᠤ ᠡᠳᠦᠷ ᠦᠨ 17᠄00 ᠴᠠᠭ ᠤᠨ ᠣᠷᠴᠢᠮ ᠳᠤ ᠨᠣᠬᠠᠳ ᠤᠨ ᠴᠢᠮᠡᠭᠡᠨ ᠢᠶᠡᠷ ᠭᠡᠷ ᠦᠨ ᠡᠵᠡᠨ ᠬᠠᠷᠠᠭᠰᠠᠨ ᠪᠠᠶᠢᠨ᠎ᠠ᠃ ᠢᠷᠪᠢᠰ ᠲᠤᠬᠠᠢ ᠶᠢᠨ ᠭᠠᠵᠠᠷ ᠢᠶᠠᠨ 2 ᠴᠠᠭ ᠣᠷᠴᠢᠮ ᠬᠡᠪᠲᠡᠵᠦ ᠪᠠᠶᠢᠭᠠᠳ ᠵᠡᠭᠦᠨ ᠲᠡᠰᠢ ᠣᠷᠣᠭᠰᠠᠨ ᠢ ᠮᠠᠯᠴᠢᠨ ᠠᠵᠢᠭᠯᠠᠵᠠᠢ᠃
ᠯᠤᠭᠵᠢᠭᠠᠨ ᠬᠦᠷᠢᠶ᠎ᠡ ᠣᠷᠴᠢᠮ ᠳᠤ ᠠᠵᠢᠭᠯᠠᠭᠳᠠᠭᠰᠠᠨ ᠡᠨᠡ ᠢᠷᠪᠢᠰ ᠨᠢ ᠡᠪᠡᠳᠴᠢᠨ ᠡᠮᠭᠡᠭ ᠦᠭᠡᠢ᠂ ᠪᠡᠷᠲᠡᠯ ᠦᠭᠡᠢ ᠪᠥᠭᠡᠳ ᠬᠠᠨ ᠬᠦᠬᠦᠢ ᠨᠢᠷᠤᠭᠤᠨ ᠠᠴᠠ ᠬᠠᠷᠬᠢᠷ᠎ᠠ ᠠᠭᠤᠯᠠ ᠤᠷᠤᠭᠤ ᠳᠠᠮᠵᠢᠨ ᠶᠠᠪᠤᠵᠤ ᠪᠠᠶᠢᠬᠤ ᠳᠤ ᠪᠠᠨ ᠮᠠᠯᠴᠢᠨ ᠤ ᠣᠶᠢᠷᠠᠯᠴᠠᠭ᠎ᠠ ᠬᠡᠪᠲᠡᠵᠦ ᠲᠦᠷ ᠠᠮᠠᠷᠠᠭᠰᠠᠨ ᠭᠡᠵᠦ ᠦᠵᠡᠭᠰᠡᠨ ᠪᠠᠶᠢᠨ᠎ᠠ᠃  ᠡᠨᠡ ᠣᠷᠴᠢᠮ ᠤᠨ ᠭᠠᠵᠠᠷ ᠨᠢ ᠬᠠᠷᠬᠢᠷ᠎ᠠ᠂ ᠬᠠᠨ  ᠬᠦᠬᠦᠢ ᠨᠢᠷᠤᠭᠤ ᠶᠢ ᠬᠣᠯᠪᠣᠭᠰᠠᠨ ᠪᠡᠰᠡᠷᠡᠭ᠂ ᠨᠠᠮᠬᠠᠨ ᠠᠭᠤᠯᠠ ᠶᠢᠨ ᠪᠡᠯ ᠪᠥᠭᠡᠳ ᠴᠣᠬᠣᠷ ᠢᠷᠪᠢᠰ ᠳᠠᠮᠵᠢᠨ ᠥᠩᠭᠡᠷᠡᠳᠡᠭ ᠬᠣᠯᠪᠣᠭᠠᠰᠤ  ᠨᠤᠲᠤᠭ ᠪᠣᠯᠬᠤ ᠶᠢ ᠡᠢᠨ ᠨᠣᠲᠠᠯᠠᠯ᠎ᠠ᠃

ᠰᠡᠳᠬᠢᠭᠳᠡᠯ ᠦᠯᠡᠳᠡᠭᠡᠬᠦ