ᠡᠨᠡᠳᠬᠡᠭ ᠲᠦ ᠲᠤᠰᠠᠯᠠᠬᠤ ᠬᠠᠨᠳᠢᠪ ᠤᠨ ᠠᠶᠠᠨ ᠢ ᠡᠬᠢᠯᠡᠭᠦᠯᠦᠯ᠎ᠡ  | News.MN

ᠡᠨᠡᠳᠬᠡᠭ ᠲᠦ ᠲᠤᠰᠠᠯᠠᠬᠤ ᠬᠠᠨᠳᠢᠪ ᠤᠨ ᠠᠶᠠᠨ ᠢ ᠡᠬᠢᠯᠡᠭᠦᠯᠦᠯ᠎ᠡ 

 

ᠡᠨᠡᠳᠬᠡᠭ ᠲᠦ ᠴᠠᠷ᠎ᠠ ᠲᠠᠬᠤᠯ ᠡᠷᠴᠢ ᠪᠡᠨ ᠠᠪᠴᠤ᠂ ᠡᠳᠦᠷ ᠲᠦ ᠣᠯᠠᠨ ᠮᠢᠩᠭᠠᠨ ᠬᠦᠮᠦᠨ ᠬᠠᠯᠳᠠᠪᠤᠷᠢ ᠠᠪᠴᠤ ᠪᠠᠶᠢᠨ᠎ᠠ᠃ ᠡᠮᠨᠡᠯᠭᠡ ᠨᠦᠭᠦᠳ ᠦᠨ ᠬᠦᠴᠢᠯᠲᠥᠷᠦᠭᠴᠢ ᠶᠢᠨ ᠬᠠᠩᠭᠠᠮᠵᠢ ᠳᠣᠭᠣᠯᠳᠠᠭᠰᠠᠨ ᠠᠴᠠ ᠠᠮᠢ ᠪᠠᠨ ᠠᠯᠳᠠᠭᠰᠠᠨ  ᠡᠪᠡᠳᠴᠢᠲᠡᠳ ᠦᠨ ᠲᠣᠭ᠎ᠠ ᠴᠤ ᠡᠷᠡᠰ ᠥᠰᠦᠭᠰᠡᠨ ᠶᠤᠮ᠃ ᠡᠨᠡᠳᠬᠡᠭ ᠪᠣᠯ ᠮᠠᠨ ᠤ ᠭᠤᠷᠪᠠᠳᠠᠭᠴᠢ ᠬᠥᠷᠰᠢ ᠨᠦᠭᠦᠳ ᠦᠨ ᠨᠢᠭᠡ᠂ ᠮᠣᠩᠭᠣᠯᠴᠤᠳ ᠲᠠᠢ ᠡᠷᠲᠡᠨ ᠡᠴᠡ ᠣᠶᠤᠨ ᠰᠠᠨᠠᠭ᠎ᠠ ᠨᠢᠭᠲᠠ ᠬᠠᠷᠢᠯᠴᠠᠭ᠎ᠠ ᠲᠠᠢ ᠶᠠᠪᠤᠭᠰᠠᠭᠠᠷ ᠢᠷᠡᠭᠰᠡᠨ ᠠᠷᠠᠳ ᠲᠦᠮᠡᠨ᠃ ᠤᠯᠤᠰ ᠤᠨ ᠶᠡᠬᠡ ᠬᠤᠷᠠᠯ  ᠦᠨ ᠭᠡᠰᠢᠭᠦᠨ ᠪ∙ᠰᠠᠷᠠᠨᠴᠢᠮᠡᠭ ᠮᠣᠩᠭᠣᠯ-ᠡᠨᠡᠳᠬᠡᠭ ᠦᠨ ᠫᠠᠷᠯᠠᠮᠧᠨᠲ ᠤᠨ ᠪᠦᠯᠦᠭ ᠦᠨ ᠳᠠᠷᠤᠭ᠎ᠠ ᠪᠠᠷ ᠠᠵᠢᠯᠯᠠᠳᠠᠭ᠃ ᠲᠡᠷᠡ ᠪᠡᠷ︽ᠥᠭᠬᠦ ᠡᠳᠦᠷ ᠬᠥᠳᠡᠯᠭᠡᠭᠡᠨ︾ᠲᠥᠷᠥ ᠶᠢᠨ ᠪᠤᠰᠤ ᠪᠠᠶᠢᠭᠤᠯᠤᠯᠭ᠎ᠠ᠂ ᠢᠷᠭᠡᠨ ᠭᠣᠩᠭᠣᠷᠵᠠᠪ ᠤᠨ ᠭᠠᠩᠪᠠᠲᠤ ᠨᠠᠷ ᠲᠠᠢ ᠬᠠᠮᠲᠤᠷᠠᠨ ᠬᠠᠨᠳᠢᠪ ᠤᠨ ᠠᠶᠠᠨ ᠵᠣᠬᠢᠶᠠᠨ ᠪᠠᠶᠢᠭᠤᠯᠵᠤ ᠡᠬᠢᠯᠡᠭᠰᠡᠨ ᠪᠢᠯᠡ᠃
ᠢᠷᠭᠡᠳ᠂ ᠠᠵᠤ ᠠᠬᠤᠢ ᠶᠢᠨ ᠨᠢᠭᠡᠴᠢ᠂ ᠪᠠᠶᠢᠭᠤᠯᠤᠯᠭ᠎ᠠ ᠨᠤᠭᠤᠳ ᠡᠨᠡ ᠠᠶᠠᠨ ᠢ ᠮᠠᠰᠢ ᠶᠡᠬᠡ ᠲᠠᠯᠠᠷᠬᠠᠨ ᠳᠡᠮᠵᠢᠵᠦ ᠬᠦᠯᠢᠶᠡᠨ ᠠᠪᠴᠤ ᠪᠠᠶᠢᠨ᠎ᠠ᠃ ᠮᠣᠩᠭᠣᠯ ᠤᠯᠤᠰ ᠲᠤ ᠸᠠᠺᠼᠢᠨ ᠤ ᠪᠤᠴᠠᠯᠲᠠ ᠦᠭᠡᠢ ᠳᠡᠮᠵᠢᠯᠭᠡ ᠲᠤᠰᠠᠯᠠᠮᠵᠢ ᠶᠢ ᠬᠠᠮᠤᠭ ᠤᠨ ᠲᠦᠷᠦᠭᠦᠨ ᠳᠦ ᠦᠵᠡᠭᠦᠯᠦᠭᠰᠡᠨ ᠡᠨᠡᠳᠬᠡᠭ ᠦᠨ ᠠᠷᠠᠳ ᠲᠦᠮᠡᠨ ᠳᠦ ᠪᠣᠯᠤᠮᠵᠢᠲᠤ ᠬᠡᠯᠪᠡᠷᠢ ᠪᠡᠷ ᠲᠤᠰᠯᠠᠬᠤ ᠳᠤ ᠳᠡᠮᠵᠢᠯᠭᠡ ᠦᠵᠡᠭᠦᠯᠬᠦ ᠲᠤᠬᠠᠢ ᠬᠦᠰᠡᠯᠲᠡ ᠶᠢ ᠶᠡᠷᠦᠩᠬᠡᠢ ᠰᠠᠶᠢᠳ ᠯ ∙ ᠣᠶᠤᠨ-ᠡᠷᠳᠡᠨᠢ ᠳᠦ ᠮᠦᠨ ᠠᠯᠪᠠᠨ ᠪᠢᠴᠢᠭ ᠢᠶᠡᠷ ᠬᠦᠷᠭᠡᠭᠦᠯᠦᠯ᠎ᠡ᠃ ᠢᠷᠭᠡᠳ ᠡᠴᠡ ᠢᠷᠡᠭᠦᠯᠵᠦ ᠪᠤᠢ ᠰᠠᠨᠠᠯ ᠬᠦᠰᠡᠯᠲᠡ ᠶᠢᠨ ᠳᠠᠭᠠᠤ ᠮᠣᠩᠭᠣᠯ ᠳᠤ ᠦᠢᠯᠡᠳᠪᠦᠷᠢᠯᠡᠵᠦ ᠪᠤᠢ ᠬᠠᠯᠳᠠᠪᠤᠷᠢ ᠶᠢ ᠰᠢᠯᠦᠰᠦ ᠪᠡᠷ ᠲᠣᠳᠣᠷᠬᠠᠶᠢᠯᠠᠬᠤ ᠣᠨᠣᠰᠢᠯᠠᠭᠤᠷ᠂ ᠬᠠᠯᠳᠠᠪᠤᠷᠢ ᠬᠠᠮᠠᠭᠠᠯᠠᠯ ᠤᠨ ᠬᠤᠪᠴᠠᠰᠤ᠂ ᠦᠨᠳᠦᠰᠦᠨ ᠦ ᠦᠢᠯᠡᠳᠪᠦᠷᠢᠯᠡᠭᠴᠢᠳ ᠦᠨ ᠪᠤᠰᠤᠳ ᠪᠠᠷᠠᠭ᠎ᠠ ᠪᠦᠲᠦᠭᠡᠭᠳᠡᠬᠦᠨ ᠢ ᠬᠦᠷᠭᠡᠵᠦ ᠪᠣᠯᠬᠤ ᠠᠷᠭ᠎ᠠ ᠬᠡᠯᠪᠡᠷᠢ ᠶᠢ ᠶᠠᠷᠢᠯᠴᠠᠵᠤ᠂ ᠬᠣᠯᠪᠣᠭᠳᠠᠬᠤ ᠬᠦᠮᠦᠰ ᠲᠡᠢ ᠬᠣᠯᠪᠣᠭ᠎ᠠ ᠲᠣᠭᠲᠠᠭᠠᠨ ᠠᠵᠢᠯᠯᠠᠵᠤ ᠪᠠᠶᠢᠨ᠎ᠠ᠃

ᠰᠡᠳᠬᠢᠭᠳᠡᠯ ᠦᠯᠡᠳᠡᠭᠡᠬᠦ