ᠮᠣᠩᠭᠣᠯ ᠵᠠᠯᠠᠭᠤᠰ ᠳ᠋ᠠᠢᠲ᠋ᠠ ᠰᠢᠨᠵᠢᠯᠡᠭᠡᠨ ᠦ ᠣᠯᠢᠮᠫᠢᠶᠠᠳ᠋  ᠲᠤ ᠰᠢᠯᠭᠠᠷᠠᠯ᠎ᠠ  | News.MN

ᠮᠣᠩᠭᠣᠯ ᠵᠠᠯᠠᠭᠤᠰ ᠳ᠋ᠠᠢᠲ᠋ᠠ ᠰᠢᠨᠵᠢᠯᠡᠭᠡᠨ ᠦ ᠣᠯᠢᠮᠫᠢᠶᠠᠳ᠋  ᠲᠤ ᠰᠢᠯᠭᠠᠷᠠᠯ᠎ᠠ 

 

ᠥᠩᠭᠡᠷᠡᠭᠴᠢ ᠡᠳᠦᠷ ᠦᠳ ᠲᠦ ᠣᠯᠠᠨ ᠤᠯᠤᠰ ᠤᠨ ᠳ᠋ᠠᠢᠲ᠋ᠠ ᠰᠢᠨᠵᠢᠯᠡᠭᠡᠨ ᠦ ᠳᠦᠷᠪᠡᠳᠦᠭᠡᠷ ᠣᠯᠢᠮᠫᠢᠶᠠᠳ᠋ ᠵᠣᠬᠢᠶᠠᠨ ᠪᠠᠶᠢᠭᠤᠯᠤᠭᠳᠠᠵᠠᠢ᠃ ᠲᠡᠮᠡᠴᠡᠭᠡᠨ ᠳᠦ ᠳᠡᠯᠡᠬᠡᠢ ᠶᠢᠨ 648 ᠪᠠᠭ ᠣᠷᠣᠯᠴᠠᠭᠰᠠᠨ ᠠᠴᠠ ᠰᠢᠯᠢᠳᠡᠭ 30 ᠪᠠᠭ ᠢ ᠰᠢᠯᠭᠠᠷᠠᠭᠤᠯᠵᠤ᠂ 36 ᠴᠠᠭ ᠤᠨ ᠲᠤᠷᠰᠢ ᠳᠠᠭᠠᠭᠠᠯᠭᠠᠪᠤᠷᠢ ᠭᠦᠢᠴᠡᠳᠬᠡᠭᠦᠯᠦᠭᠰᠡᠨ ᠪᠠᠶᠢᠨ᠎ᠠ᠃ ᠡᠨᠡ ᠤᠳᠠᠭ᠎ᠠ ᠶᠢᠨ ᠣᠯᠢᠮᠫᠢᠶᠠᠳ᠋ ᠍ ᠲᠤ ᠮᠣᠩᠭᠣᠯ ᠤᠨ ᠵᠠᠯᠠᠭᠤᠰ ᠠᠩᠬ᠎ᠠ ᠤᠳᠠᠭ᠎ᠠ ᠰᠡᠭᠦᠯ ᠦᠨ ᠱᠠᠲᠤᠨ ᠳᠤ  ᠰᠢᠯᠭᠠᠷᠠᠵᠤ᠂ ᠡᠨᠡᠳᠬᠡᠭ᠂ ᠣᠷᠣᠰ᠂ ᠭᠧᠷᠮᠠᠨ᠂ ᠠᠮᠧᠷᠢᠺᠠ ᠂ ᠹᠷᠠᠨᠼᠢ ᠵᠡᠷᠭᠡ ᠤᠯᠤᠰ ᠲᠠᠢ ᠡᠩ ᠵᠡᠷᠭᠡᠴᠡᠨ ᠰᠢᠯᠢᠳᠡᠭ 30 ᠪᠠᠭ ᠤᠨ ᠨᠢᠭᠡ ᠪᠡᠷ ᠲᠣᠳᠣᠷᠠᠭᠠᠳ ᠵᠣᠭᠰᠣᠬᠤ ᠦᠭᠡᠢ᠂ ᠡᠴᠦᠰ ᠦᠨ ᠰᠢᠯᠭᠠᠷᠠᠭᠤᠯᠤᠯᠲᠠ ᠪᠠᠷ 5 ᠳ᠋ᠤᠭᠠᠷ ᠪᠠᠶᠢᠷᠢ ᠡᠵᠡᠯᠡᠭᠰᠡᠨ ᠠᠮᠵᠢᠯᠲᠠ ᠭᠠᠷᠭᠠᠵᠠᠢ᠃
ᠡᠳᠡᠭᠡᠷ ᠵᠠᠯᠠᠭᠤᠰ ᠨᠢ ᠥᠩᠭᠡᠷᠡᠭᠰᠡᠨ ᠵᠢᠯ ᠲᠤᠰ ᠲᠡᠮᠡᠴᠡᠭᠡᠨ ᠳᠦ ᠤᠷᠤᠯᠴᠠᠵᠤ ᠪᠠᠢᠭᠰᠠᠨ ᠪᠥᠭᠡᠳ  ᠬᠤᠶᠠᠳᠠᠬᠢ ᠵᠢᠯ ᠳᠦ ᠪᠡᠨ ᠡᠶᠢᠨᠬᠦᠦ ᠠᠮᠵᠢᠯᠲᠠ ᠪᠠᠨ ᠳᠠᠪᠠᠭᠤᠯᠤᠨ ᠠᠬᠢᠭᠤᠯᠵᠠᠢ᠃ ᠮᠣᠩᠭᠣᠯ ᠤᠨ ᠳ᠋ᠠᠢᠲ᠋ᠠ ᠰᠢᠨᠵᠢᠯᠡᠭᠡᠨ ᠦ ᠪᠠᠭ ᠤᠨ ᠪᠦᠷᠢᠯᠳᠦᠬᠦᠨ ᠳᠦ᠂ ᠮ∙ᠯᠾᠬᠠᠪᠠᠳᠤᠷᠵᠢ᠂ ᠴ∙ᠠᠯᠲᠠᠨ-ᠥᠯᠵᠡᠢ᠂ ᠮ ∙ ᠴᠣᠶᠢᠰᠦ᠋ᠷᠦᠩ ᠨᠠᠷ ᠪᠠᠭᠲᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ