ᠰᠣᠩᠭᠣᠭᠤᠯᠢ ᠶᠢᠨ ᠬᠣᠷᠢᠶ᠎ᠠ ᠨᠠᠮ  ᠦᠨ ᠲᠦᠯᠦᠭᠡᠯᠡᠯ ᠦᠳ ᠲᠡᠢ ᠴᠠᠬᠢᠮ ᠢᠶᠠᠷ ᠠᠭᠤᠯᠵᠠᠵᠠᠢ  | News.MN

ᠰᠣᠩᠭᠣᠭᠤᠯᠢ ᠶᠢᠨ ᠬᠣᠷᠢᠶ᠎ᠠ ᠨᠠᠮ  ᠦᠨ ᠲᠦᠯᠦᠭᠡᠯᠡᠯ ᠦᠳ ᠲᠡᠢ ᠴᠠᠬᠢᠮ ᠢᠶᠠᠷ ᠠᠭᠤᠯᠵᠠᠵᠠᠢ 

 

ᠮᠣᠩᠭᠣᠯ ᠤᠯᠤᠰ ᠤᠨ ᠰᠣᠩᠭᠣᠭᠤᠯᠢ ᠶᠢᠨ ᠶᠡᠷᠦᠩᠬᠡᠢ ᠬᠣᠷᠢᠶᠠᠨ ᠠᠴᠠ ᠰᠠᠨᠠᠭᠠᠴᠢᠯᠠᠨ ᠰᠣᠩᠭᠣᠭᠤᠯᠢ ᠵᠣᠬᠢᠶᠠᠨ ᠪᠠᠶᠢᠭᠤᠯᠬᠤ ᠦᠢᠯᠡ ᠠᠵᠢᠯᠯᠠᠭᠠᠨ ᠳᠤ ᠣᠷᠣᠯᠴᠠᠭᠴᠢ ᠲᠥᠷᠥ ᠶᠢᠨ ᠪᠠᠶᠢᠭᠤᠯᠤᠯᠭ᠎ᠠ ᠨᠤᠭᠤᠳ ᠲᠠᠢ ᠬᠠᠮᠲᠤᠷᠠᠵᠤ᠂ ᠤᠯᠤᠰ ᠤᠨ ᠶᠡᠬᠡ ᠬᠤᠷᠠᠯ ᠳᠤ ᠰᠠᠭᠤᠳᠠᠯ ᠪᠦᠬᠦᠢ ᠤᠯᠤᠰ ᠲᠥᠷᠥ ᠶᠢᠨ ᠨᠠᠮ ᠤᠳ ᠪᠣᠯᠤᠨ ᠲᠥᠷᠥ ᠶᠢᠨ ᠪᠤᠰᠤ ᠵᠠᠷᠢᠮ ᠪᠠᠶᠢᠭᠤᠯᠤᠯᠭ᠎ᠠ ᠨᠤᠭᠤᠳ ᠤᠨ ᠲᠥᠯᠥᠭᠡᠯᠡᠯ ᠲᠡᠢ 04-21 ᠳᠦ ᠴᠠᠬᠢᠮ ᠠᠭᠤᠯᠵᠠᠯᠲᠠ ᠵᠣᠬᠢᠶᠠᠨ ᠪᠠᠶᠢᠭᠤᠯᠤᠯ᠎ᠠ᠃ ᠴᠠᠬᠢᠮ ᠠᠭᠤᠯᠵᠠᠯᠲᠠ ᠳᠤ ᠮᠤᠩᠭᠤᠯ ᠠᠷᠠᠳ ᠤᠨ ᠨᠠᠮ᠂ ᠤᠯᠤᠰ ᠤᠨ ᠶᠡᠬᠡ ᠬᠤᠷᠠᠯ ᠳ᠋ᠡᠬᠢ ᠠᠷᠠᠳᠴᠢᠯᠠᠭᠰᠠᠨ ᠨᠠᠮ ᠤᠨ ᠪᠦᠯᠦᠭ᠂  ᠢᠷᠭᠡᠨ ᠦ ᠵᠤᠷᠢᠭ ᠨᠤᠭᠤᠭᠠᠨ ᠨᠠᠮ-ᠮᠣᠩᠭᠣᠯ ᠠᠷᠠᠳ ᠤᠨ ᠬᠤᠪᠢᠰᠬᠠᠯᠲᠤ ᠨᠠᠮ- ᠮᠤᠩᠭᠤᠯ ᠤᠨ ᠤᠯᠠᠮᠵᠢᠯᠠᠯ ᠤᠨ ᠨᠢᠭᠡᠳᠦᠭᠰᠡᠨ ᠨᠠᠮ ᠤᠨ︽ᠲᠠ ᠪᠢᠳᠡᠨ ᠦ ᠡᠪᠰᠡᠯ︾᠂ ︽ᠵᠥᠪ ᠬᠦᠮᠦᠨ ᠡᠯᠧᠺᠲ᠋ᠣᠷᠠᠲ︾ᠡᠪᠰᠡᠯ ᠦᠨ ᠲᠥᠯᠥᠭᠡᠯᠡᠭᠴᠢᠳ ᠤᠷᠤᠯᠴᠠᠪᠠ᠃
ᠰᠣᠩᠭᠣᠭᠤᠯᠢ ᠶᠢᠨ ᠶᠡᠷᠦᠩᠬᠡᠢ ᠬᠣᠷᠢᠶᠠᠨ ᠤ ᠳᠠᠷᠤᠭ᠎ᠠ ᠫ∙ᠳᠡᠯᠭᠡᠷᠨᠠᠷᠠᠨ ᠠᠭᠤᠯᠵᠠᠯᠲᠠ ᠶᠢ ᠨᠡᠭᠡᠭᠡᠵᠦ ᠦᠭᠡ ᠬᠡᠯᠡᠵᠦ᠂ ︽ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠰᠣᠩᠭᠣᠭᠤᠯᠢ ᠶᠢᠨ ᠲᠤᠬᠠᠢ︾ ᠬᠠᠤᠯᠢ ᠶᠢᠨ ᠣᠨᠴᠠᠯᠢᠭ᠂ ᠲᠡᠭᠦᠨ ᠢ ᠬᠡᠷᠡᠭᠵᠢᠭᠦᠯᠬᠦ ᠳᠦ ᠠᠩᠬᠠᠷᠪᠠᠯ ᠵᠣᠬᠢᠬᠤ ᠠᠰᠠᠭᠤᠳᠠᠯ ᠤᠳ᠂ ᠰᠣᠩᠭᠣᠭᠤᠯᠢ ᠶᠢᠨ ᠡᠮᠦᠨᠡᠬᠢ ᠪᠡᠯᠡᠳᠬᠡᠯ ᠠᠵᠢᠯ ᠤᠨ ᠶᠠᠪᠤᠴᠠ᠂ ᠴᠠᠷ᠎ᠠ ᠲᠠᠬᠤᠯ ᠤᠨ ᠦᠶ᠎ᠡ ᠳᠦ ᠬᠦᠨᠳᠦᠷᠡᠯ ᠤᠴᠠᠷᠠᠭᠤᠯᠵᠤ ᠪᠣᠯᠵᠣᠰᠢ ᠦᠭᠡᠢ ᠵᠠᠷᠢᠮ ᠠᠰᠠᠭᠤᠳᠠᠯ ᠢ ᠰᠢᠢᠳᠪᠦᠷᠢᠯᠡᠬᠦ ᠳᠦ ᠬᠡᠷᠬᠢᠨ ᠠᠵᠢᠯᠯᠠᠬᠤ ᠲᠠᠯ᠎ᠠ ᠪᠠᠷ ᠠᠭᠤᠯᠵᠠᠯᠲᠠ ᠳᠤ ᠣᠷᠣᠯᠴᠠᠭᠰᠠᠳ ᠤᠨ ᠠᠩᠬᠠᠷᠤᠯ ᠢ ᠬᠠᠨᠳᠤᠭᠤᠯᠪᠠ᠃ ᠠᠭᠤᠯᠵᠠᠯᠲᠠ ᠳᠤ ᠣᠷᠣᠯᠴᠠᠵᠤ ᠪᠤᠢ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ  ᠰᠣᠩᠭᠣᠭᠤᠯᠢ ᠶᠢᠨ ᠦᠶ᠎ᠡ ᠪᠡᠷ ᠰᠣᠩᠭᠣᠭᠴᠢᠳ ᠲᠤ ᠮᠡᠳᠡᠭᠡᠯᠡᠯ ᠬᠦᠷᠭᠡᠬᠦ 1800-2800 ᠳ᠋ᠤᠭᠠᠷ ᠤᠨ ᠤᠲᠠᠰᠤ ᠠᠵᠢᠯᠯᠠᠵᠤ ᠪᠠᠶᠢᠭ᠎ᠠ ᠲᠠᠯᠠᠭᠠᠷᠬᠢ ᠮᠡᠳᠡᠭᠡᠯᠡᠯ ᠢ ᠬᠦᠷᠭᠡᠬᠦ᠂ ᠰᠣᠩᠭᠣᠭᠴᠢᠳ ᠤᠨ ᠪᠣᠯᠪᠠᠰᠤᠷᠠᠯ ᠤᠨ ᠠᠰᠠᠭᠤᠳᠠᠯ ᠳᠤ ᠬᠠᠮᠲᠤᠷᠠᠨ ᠠᠵᠢᠯᠯᠠᠬᠤ᠂ ᠮᠡᠳᠡᠭᠡ ᠮᠡᠳᠡᠭᠡᠯᠡᠯ ᠢ ᠢᠷᠭᠡᠳ ᠲᠦ ᠲᠡᠭᠰᠢ᠂ ᠬᠦᠷᠲᠡᠭᠡᠮᠵᠢᠲᠡᠢ ᠬᠦᠷᠭᠡᠬᠦ ᠠᠰᠠᠭᠤᠳᠠᠯ ᠳᠤ ᠲᠥᠷᠥ ᠶᠢᠨ ᠪᠠᠶᠢᠭᠤᠯᠤᠯᠭ᠎ᠠ ᠨᠤᠭᠤᠳ᠂ ᠤᠯᠤᠰ ᠲᠥᠷᠥ ᠶᠢᠨ ᠨᠠᠮ᠂ ᠨᠡᠷ᠎ᠡ ᠳᠡᠪᠰᠢᠭᠴᠢᠳ ᠠᠩᠬᠠᠷᠤᠨ ᠬᠥᠭᠵᠢᠯ ᠦᠨ ᠪᠡᠷᠬᠡᠰᠢᠶᠡᠯ ᠲᠡᠢ ᠢᠷᠭᠡᠳ ᠦᠨ ᠮᠡᠳᠡᠭᠡᠯᠡᠯ ᠠᠪᠬᠤ ᠡᠷᠬᠡ ᠶᠢ ᠬᠠᠩᠭᠠᠵᠤ ᠠᠵᠢᠯᠯᠠᠬᠤ ᠶᠢ ᠤᠷᠢᠶᠠᠯᠠᠯ᠎ᠠ ᠭᠡᠵᠦ ᠰᠣᠩᠭᠣᠭᠤᠯᠢ ᠶᠢᠨ ᠶᠡᠷᠦᠩᠬᠡᠢ ᠬᠣᠷᠢᠶ᠎ᠠ ᠮᠡᠳᠡᠭᠡᠯᠡᠪᠡ᠃

ᠰᠡᠳᠬᠢᠭᠳᠡᠯ ᠦᠯᠡᠳᠡᠭᠡᠬᠦ