ᠭᠡᠮᠲᠦ ᠬᠡᠷᠡᠭ  ᠡᠮᠦᠨᠡᠬᠢ ᠣᠨ ᠤ ᠮᠥᠨ ᠦᠶ᠎ᠡ  ᠡᠴᠡ 30.7 ᠬᠤᠪᠢ ᠪᠡᠷ ᠪᠠᠭᠤᠷᠠᠵᠠᠢ  | News.MN

ᠭᠡᠮᠲᠦ ᠬᠡᠷᠡᠭ  ᠡᠮᠦᠨᠡᠬᠢ ᠣᠨ ᠤ ᠮᠥᠨ ᠦᠶ᠎ᠡ  ᠡᠴᠡ 30.7 ᠬᠤᠪᠢ ᠪᠡᠷ ᠪᠠᠭᠤᠷᠠᠵᠠᠢ 

ᠳᠤᠮᠳᠠᠭᠤᠪᠢ ᠠᠶᠢᠮᠠᠭ ᠤᠨ ᠬᠡᠮᠵᠢᠶᠡᠨ ᠳᠦ ᠣᠨ ᠭᠠᠷᠤᠭᠰᠠᠭᠠᠷ 61 ᠭᠡᠮᠲᠦ ᠬᠡᠷᠡᠭ ᠪᠦᠷᠢᠳᠬᠡᠭᠳᠡᠵᠦ᠂ ᠡᠮᠦᠨᠡᠬᠢ ᠣᠨ ᠤ ᠮᠥᠨ ᠦᠶ᠎ᠡ ᠶᠢᠨ ᠬᠢ ᠡᠴᠡ 30.7 ᠬᠤᠪᠢ ᠪᠠᠷ ᠪᠠᠭᠤᠷᠠᠵᠠᠢ᠃ ᠲᠣᠳᠣᠷᠠᠭᠤᠯᠪᠠᠯ᠂ ᠬᠤᠯᠠᠭᠠᠶᠢᠯᠠᠬᠤ ᠭᠡᠮᠲᠦ ᠬᠡᠷᠡᠭ 70 ᠬᠤᠪᠢ᠂ ᠬᠦᠮᠦᠨ ᠢ ᠠᠮᠢ ᠪᠠᠨ ᠬᠤᠤᠷᠯᠠᠬᠤ ᠨᠥᠬᠥᠴᠡᠯ ᠪᠠᠶᠢᠳᠠᠯ ᠳᠤ ᠬᠦᠷᠭᠡᠬᠦ ᠬᠡᠷᠡᠭ 66.6 ᠬᠤᠪᠢ᠂ ᠪᠤᠰᠤᠳ ᠭᠡᠮᠲᠦ ᠬᠡᠷᠡᠭ 60 ᠬᠤᠪᠢ᠂  ᠳᠡᠭᠡᠷᠡᠮᠳᠡᠬᠦ᠂ ᠬᠦᠷᠢᠶᠡᠯᠡᠨ ᠪᠠᠶᠢᠭ᠎ᠠ ᠣᠷᠴᠢᠨ ᠤ ᠡᠰᠡᠷᠭᠦ ᠭᠡᠮᠲᠦ ᠬᠡᠷᠡᠭ ᠲᠤᠰ ᠲᠤᠰ 50 ᠬᠤᠪᠢ᠂ ᠡᠷᠡᠭᠦᠯ ᠮᠡᠨᠳᠦ ᠶᠢᠨ ᠬᠠᠯᠳᠠᠰᠢ ᠦᠭᠡᠢ ᠪᠠᠶᠢᠳᠠᠯ ᠤᠨ ᠡᠰᠡᠷᠭᠦ ᠭᠡᠮᠲᠦ ᠬᠡᠷᠡᠭ 15.4 ᠬᠤᠪᠢ ᠪᠠᠭᠤᠷᠠᠭᠰᠠᠨ ᠪᠠᠶᠢᠨ᠎ᠠ᠃
ᠭᠡᠮᠲᠦ ᠬᠡᠷᠡᠭ ᠦᠨ ᠢᠯᠡᠷᠡᠭᠦᠯᠦᠯᠲᠡ ᠳᠤᠮᠳᠠᠭᠤᠪᠢ ᠠᠶᠢᠮᠠᠭ ᠲᠤ 50 ᠬᠤᠪᠢ ᠲᠠᠢ ᠪᠠᠶᠢᠭ᠎ᠠ ᠪᠠ  ᠡᠨᠡ ᠨᠢ ᠤᠯᠤᠰ ᠤᠨ ᠳᠤᠮᠳᠠᠴᠢ ᠠᠴᠠ 18.7 ᠬᠤᠪᠢ ᠳᠡᠭᠡᠭᠦᠷ ᠪᠠᠶᠢᠨ᠎ᠠ᠃ ᠠᠶᠢᠮᠠᠭ ᠤᠨ ᠴᠠᠭᠳᠠᠭ᠎ᠠ ᠶᠢᠨ ᠭᠠᠵᠠᠷ ᠡᠬᠢᠨ ᠦ ᠭᠤᠷᠪᠠᠨ ᠰᠠᠷ᠎ᠠ ᠳᠤ 2506 ᠵᠥᠷᠢᠴᠡᠯ ᠰᠢᠯᠭᠠᠵᠤ᠂ 2498 ᠵᠥᠷᠢᠴᠡᠯ ᠢ ᠰᠢᠢᠳᠪᠦᠷᠢᠯᠡᠭᠰᠡᠨ᠃ ᠵᠥᠷᠢᠴᠡᠯ ᠭᠠᠷᠭᠠᠭᠰᠠᠨ 2426 ᠢᠷᠭᠡᠨ ᠢ 89.2 ᠰᠠᠶ᠎ᠠ ᠲᠥᠭᠥᠷᠢᠭ ᠢᠶᠡᠷ ᠲᠤᠷᠭᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ