ᠭᠦᠦᠷ᠂ ᠨᠦᠬᠡᠨ ᠭᠠᠷᠴᠠ ᠨᠤᠭᠤᠳ ᠢ ᠤᠭᠢᠶᠠᠵᠤ᠂ ᠴᠡᠪᠡᠷᠯᠡᠯ᠎ᠡ  | News.MN

  ᠭᠦᠦᠷ᠂ ᠨᠦᠬᠡᠨ ᠭᠠᠷᠴᠠ ᠨᠤᠭᠤᠳ ᠢ ᠤᠭᠢᠶᠠᠵᠤ᠂ ᠴᠡᠪᠡᠷᠯᠡᠯ᠎ᠡ 

 

ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ ᠳ ∙ ᠰᠤᠮᠢᠶᠠᠪᠠᠽᠠᠷ ᠨᠡᠶᠢᠰᠯᠡᠯ ᠦᠨ ᠤᠳᠤᠷᠢᠳᠬᠤ ᠠᠵᠢᠯᠲᠠᠳ ᠤᠨ ᠰᠢᠭᠤᠷᠬᠠᠢ ᠵᠦᠪᠯᠡᠯᠭᠡᠨ ᠢᠶᠡᠷ ᠵᠠᠮ ᠵᠠᠰᠠᠪᠤᠷᠢ᠂ ᠠᠷᠠᠴᠢᠯᠠᠯᠲᠠ ᠶᠢᠨ ᠠᠵᠢᠯ ᠢ ᠡᠷᠴᠢᠮᠵᠢᠭᠦᠯᠬᠦ ᠡᠭᠦᠷᠭᠡ ᠥᠭᠭᠦᠭᠰᠡᠨ᠃ ᠡᠨᠡ ᠬᠦᠷᠢᠶᠡᠨ ᠳᠦ ᠤᠯᠠᠭᠠᠨᠪᠠᠭᠠᠲᠤᠷ ᠵᠠᠮ ᠵᠠᠰᠠᠪᠤᠷᠢ᠂ ᠠᠷᠠᠴᠢᠯᠠᠯᠲᠠ ᠶᠢᠨ ᠭᠠᠵᠠᠷ ᠨᠢ ᠭᠠᠮᠰᠢᠭ ᠠᠴᠠ ᠬᠠᠮᠠᠭᠠᠯᠠᠬᠤ ᠪᠦᠬᠦ ᠨᠡᠶᠢᠲᠡ ᠶᠢᠨ ᠪᠡᠯᠡᠨ ᠪᠠᠶᠢᠳᠠᠯ ᠳᠤ ᠰᠢᠯᠵᠢᠭᠰᠡᠨ ᠬᠤᠭᠤᠴᠠᠭᠠᠨ ᠳᠤ ᠵᠠᠮ ᠵᠠᠰᠠᠪᠤᠷᠢ᠂  ᠠᠷᠠᠴᠢᠯᠠᠯᠲᠠ᠂ ᠦᠢᠯᠡᠴᠢᠯᠡᠭᠡᠨ ᠦ ᠠᠵᠢᠯ ᠤᠳ ᠢ ᠦᠶ᠎ᠡ ᠱᠠᠲᠤ ᠲᠠᠢ ᠪᠠᠷ ᠬᠢᠵᠦ ᠪᠠᠶᠢᠨ᠎ᠠ᠃
ᠲᠤᠬᠠᠶᠢᠯᠠᠪᠠᠯ᠂ ᠳᠥᠷᠪᠡᠳᠦᠭᠡᠷ ᠰᠠᠷ᠎ᠠ ᠶᠢᠨ 17-19 ᠍ ᠦ ᠬᠣᠭᠣᠷᠣᠨᠳᠣ ᠰᠠᠨᠰᠠᠷ ᠤᠨ ᠨᠦᠬᠡᠨ ᠭᠠᠷᠴᠠ ᠪᠣᠯᠤᠨ 100 ᠠᠶᠢᠯ᠂ ᠪᠥᠮᠪᠥᠭᠡᠷ᠂ 120 ᠮᠢᠩᠭᠠᠲᠤ᠂ 19 ᠍ ᠳᠦᠭᠡᠷ ᠬᠣᠷᠢᠶᠠᠯᠠᠯ ᠤᠨ ᠭᠦᠭᠦᠷᠭᠡᠨ ᠭᠠᠷᠴᠠ ᠨᠤᠭᠤᠳ ᠤᠨ ᠭᠠᠳᠠᠨ᠎ᠠ᠂ ᠳᠣᠲᠣᠷ᠎ᠠ ᠰᠢᠯ ᠦᠨ ᠬᠠᠨ᠎ᠠ᠂ ᠲᠣᠨᠣᠭᠯᠠᠯ ᠤᠳ ᠢ ᠪᠦᠷᠢᠨ ᠤᠭᠢᠶᠠᠵᠤ᠂ ᠴᠡᠪᠡᠷᠯᠡᠵᠡᠢ᠃ ᠴᠡᠪᠡᠷᠯᠡᠭᠡᠨ ᠦ ᠠᠵᠢᠯ ᠳᠤ ᠨᠡᠶᠢᠲᠡ ᠬᠣᠶᠠᠷ ᠲᠧᠭᠨᠢᠭ᠂ 23 ᠠᠵᠢᠯᠲᠠᠨ ᠤᠷᠤᠯᠴᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ