︽ᠪᠠᠳᠮ᠎ᠠ᠂ ᠴᠠᠭᠳᠠᠷ︾ ᠬᠡᠦᠬᠡᠯᠳᠡᠢ ᠶᠢᠨ  ᠺᠢᠨᠤ᠋  ᠦᠷᠭᠦᠯᠵᠢᠯᠡᠨ᠎ᠡ | News.MN

︽ᠪᠠᠳᠮ᠎ᠠ᠂ ᠴᠠᠭᠳᠠᠷ︾ ᠬᠡᠦᠬᠡᠯᠳᠡᠢ ᠶᠢᠨ  ᠺᠢᠨᠤ᠋  ᠦᠷᠭᠦᠯᠵᠢᠯᠡᠨ᠎ᠡ

︽ᠪᠠᠳᠮ᠎ᠠ᠂ ᠴᠠᠭᠳᠠᠷ︾ᠬᠡᠮᠡᠬᠦ ᠪᠤᠷᠢᠶᠠᠳ ᠬᠦᠪᠡᠭᠦᠳ ᠦᠨ ᠬᠥᠭᠵᠢᠯᠲᠡᠢ ᠲᠡᠦᠬᠡ ᠶᠢ ᠦᠭᠦᠯᠡᠬᠦ ᠬᠡᠦᠬᠡᠯᠳᠡᠢ ᠶᠢᠨ ᠺᠢᠨᠤ᠋ ᠪᠤᠷᠢᠶᠠᠳ ᠬᠡᠯᠡ ᠶᠢ ᠬᠥᠭᠵᠢᠭᠦᠯᠬᠦ ᠳᠦ ᠲᠤᠰᠠ ᠨᠡᠮᠡᠷᠢ ᠪᠡᠨ ᠬᠦᠷᠭᠡᠵᠦ ᠡᠬᠢᠯᠡᠵᠦ ᠪᠠᠶᠢᠨ᠎ᠠ᠃ ᠬᠡᠦᠬᠡᠯᠳᠡᠢ ᠶᠢᠨ ᠴᠤᠪᠤᠷᠠᠯ ᠢ ᠪᠦᠲᠦᠭᠡᠭᠰᠡᠨ᠂ ᠪᠤᠷᠢᠶᠠᠳ ᠤᠯᠤᠰ ᠤᠨ︽ᠦᠯᠢᠭᠡᠷ︾ᠬᠡᠦᠬᠡᠯᠳᠡᠢ ᠶᠢᠨ ᠲᠢᠶᠠᠲ᠋ᠷ ᠦᠨ ᠤᠷᠠᠨ ᠰᠠᠶᠢᠬᠠᠨ ᠤ ᠤᠳᠤᠷᠢᠳᠤᠭᠠᠴᠢ᠂ ᠨᠠᠶᠢᠷᠠᠭᠤᠯᠤᠭᠴᠢ ᠡᠷᠳᠡᠨᠢ ᠵᠠᠯᠰᠠᠨᠨᠤᠸ᠋ ᠄ ᠪᠢ ᠰᠠᠷᠲᠠᠭᠤᠯ ᠪᠤᠷᠢᠶᠠᠳ ᠬᠦᠮᠦᠨ᠃ ᠪᠢᠳᠡᠨ ᠦ ᠡᠪᠦᠭᠡ ᠳᠡᠭᠡᠳᠦᠰ ᠵᠠᠪᠬᠠᠨ ᠨᠤᠲᠤᠭ ᠣᠷᠴᠢᠮ ᠠᠴᠠ ᠭᠤᠷᠪᠠᠨ ᠵᠠᠭᠤᠭᠠᠳ ᠵᠢᠯ ᠦᠨ ᠲᠡᠷᠲᠡᠭᠡ ᠪᠤᠷᠢᠶᠠᠳ ᠲᠤ ᠨᠡᠭᠦᠵᠦ ᠢᠷᠡᠭᠰᠡᠨ᠃ ᠰᠠᠷᠲᠠᠭᠤᠯ ᠪᠤᠷᠢᠶᠠᠳ ᠬᠠᠯᠬ᠎ᠠ ᠠᠶᠠᠯᠭ᠎ᠠ ᠲᠠᠢ ᠬᠠᠮᠤᠭ ᠤᠨ ᠲᠥᠰᠲᠡᠢ᠃ ᠪᠢᠳᠡᠨ ᠦ ᠶᠣᠰᠣ ᠵᠠᠩᠰᠢᠯ᠂ ᠠᠬᠤᠢ ᠰᠤᠶᠤᠯ ᠳᠤ ᠴᠤ ᠠᠳᠠᠯᠢᠬᠠᠨ ᠵᠦᠢᠯ ᠶᠡᠬᠡ ᠪᠠᠶᠢᠳᠠᠭ᠃ ᠮᠠᠨ ᠤ ᠵᠡᠳ ᠠᠶᠢᠮᠠᠭ ᠰᠡᠯᠡᠩᠭᠡ ᠠᠶᠢᠮᠠᠭ ᠲᠠᠢ ᠬᠢᠯᠢᠯᠡᠳᠡᠭ ᠪᠣᠯᠤᠭᠠᠳ ᠴᠤ ᠲᠡᠷᠡ ᠦᠦ ᠪᠢᠳᠡ ᠮᠣᠩᠭᠣᠯ ᠢᠶᠠᠷ ᠪᠤᠰᠤᠳ ᠪᠤᠷᠢᠶᠠᠳ ᠠᠴᠠ ᠢᠯᠡᠭᠦᠦ ᠰᠠᠶᠢᠨ ᠶᠠᠷᠢᠳᠠᠭ᠃
ᠬᠡᠦᠬᠡᠳ ᠦᠳ ᠪᠠᠭ᠎ᠠ ᠠᠴᠠ ᠪᠠᠨ ᠴᠡᠴᠡᠷᠯᠢᠭ᠂ ᠰᠤᠷᠭᠠᠭᠤᠯᠢ ᠳᠤ ᠣᠷᠣᠰ ᠬᠡᠯᠡ ᠪᠡᠷ ᠰᠤᠷᠤᠨ᠎ᠠ᠃ ᠬᠣᠷᠢ᠂  ᠴᠤᠩᠭᠤᠯ᠂  ᠪᠤᠯᠠᠭᠠᠳ᠂ ᠠᠭ᠎ᠠ ᠭᠡᠬᠦ ᠮᠡᠲᠦ ᠪᠤᠷᠢᠶᠠᠳ ᠠᠶᠠᠯᠭ᠎ᠠ ᠪᠤᠢ ᠴᠤ ᠪᠤᠷᠢᠶᠠᠳ ᠤᠳ ᠭᠣᠣᠯᠳᠠᠭᠤ ᠣᠷᠣᠰ ᠢᠶᠠᠷ ᠶᠠᠷᠢᠬᠤ ᠶᠤᠮ᠃ ᠪᠤᠷᠢᠶᠠᠳ ᠮᠣᠩᠭᠣᠯ ᠢᠶᠠᠨ ᠮᠡᠳᠡᠬᠦ ᠦᠭᠡᠢ ᠪᠤᠷᠢᠶᠠᠳ ᠤᠳ ᠴᠤ ᠶᠡᠬᠡ᠃ ᠳᠠᠷᠠᠭ᠎ᠠ ᠶᠢᠨ ᠪᠦᠲᠦᠭᠡᠯ ᠦᠳ ᠢᠶᠡᠨ ᠡᠨᠡ ᠮᠠᠶ᠋ᠢᠭ ᠢᠶᠠᠷ ᠤᠯᠠᠮ ᠪᠠᠶᠠᠵᠢᠭᠤᠯᠬᠤ ᠲᠥᠯᠥᠪᠯᠡᠭᠡ ᠲᠡᠢ᠃ ᠪᠠᠳᠮ᠎ᠠ ᠬᠣᠷᠢ ᠪᠤᠷᠢᠶᠠᠳ ᠢᠶᠠᠷ᠂ ᠴᠠᠭᠳᠠᠷ ᠰᠠᠷᠲᠠᠭᠤᠯ ᠪᠤᠷᠢᠶᠠᠳ ᠢᠶᠠᠷ ᠶᠠᠷᠢᠳᠠᠭ ᠬᠡᠮᠡᠵᠦ ᠪᠠᠶᠢᠭᠰᠠᠨ ᠶᠤᠮ᠃ ᠪᠤᠷᠢᠶᠠᠳ ᠬᠦᠪᠡᠭᠦᠳ ᠪᠠᠳᠮ᠎ᠠ᠂ ᠴᠠᠭᠳᠠᠷ ᠬᠣᠶᠠᠷ ᠤᠨ ᠬᠥᠭᠵᠢᠶᠡᠨ ᠲᠡᠢ ᠲᠡᠦᠬᠡ ᠨᠡᠶᠢᠲᠡ 11 ᠠᠩᠭᠢ ᠦᠵᠡᠭᠴᠢᠳ ᠦᠨ ᠬᠦᠷᠲᠡᠭᠡᠯ ᠪᠣᠯᠤᠭᠠᠳ ᠪᠠᠶᠢᠨ᠎ᠠ᠃

ᠰᠡᠳᠬᠢᠭᠳᠡᠯ ᠦᠯᠡᠳᠡᠭᠡᠬᠦ