ᠮᠣᠩᠭᠣᠯ ᠤᠨ Zeus ᠪᠠᠭ ᠳᠡᠳ᠋ ᠪᠠᠶᠢᠷᠢ ᠳᠤ ᠣᠷᠣᠵᠠᠢ  | News.MN

ᠮᠣᠩᠭᠣᠯ ᠤᠨ Zeus ᠪᠠᠭ ᠳᠡᠳ᠋ ᠪᠠᠶᠢᠷᠢ ᠳᠤ ᠣᠷᠣᠵᠠᠢ 

 

ᠥᠩᠭᠡᠷᠡᠭᠰᠡᠨ ᠨᠢᠭᠡᠳᠦᠭᠡᠷ ᠰᠠᠷ᠎ᠠ ᠳᠤ PUBG mobile ᠲᠣᠭᠯᠠᠭᠠᠮ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠭᠤᠷᠪᠠᠳᠤᠭᠠᠷ ᠪᠠᠶᠢᠷᠢ ᠳᠤ ᠣᠷᠣᠭᠰᠠᠨ ᠮᠣᠩᠭᠣᠯ ᠤᠨ Zeus ᠪᠠᠭ PUBG Mobile ᠫᠷᠤ᠋ ᠯᠢᠭ ᠵᠡᠭᠦᠨ ᠠᠽᠢᠶ᠎ᠠ ᠶᠢᠨ ᠱᠠᠲᠤᠨ ᠤ ᠲᠡᠮᠡᠴᠡᠭᠡᠨ ᠳᠦ ᠬᠣᠶᠠᠳᠤᠭᠠᠷ ᠪᠠᠶᠢᠷᠢ ᠳᠤ ᠣᠷᠣᠵᠠᠢ᠃ ᠡᠨᠡ ᠰᠠᠷ᠎ᠠ ᠶᠢᠨ ᠡᠬᠢᠨ ᠡᠴᠡ ᠥᠴᠥᠭᠡᠳᠦᠷ ᠢ ᠳᠠᠭᠤᠰᠲᠠᠯ᠎ᠠ ᠬᠣᠶᠠᠷ ᠦᠶ᠎ᠡ ᠱᠠᠲᠤ ᠲᠠᠢ ᠵᠣᠬᠢᠶᠠᠨ ᠪᠠᠶᠢᠭᠤᠯᠤᠭᠳᠠᠭᠰᠠᠨ ᠲᠤᠰ ᠲᠡᠮᠡᠴᠡᠭᠡᠨ ᠳᠦ ᠮᠣᠩᠭᠣᠯ ᠠᠴᠠ Zeus ᠪᠣᠯᠤᠨ Seal Esports᠂ Seal Nine ᠪᠠᠭ ᠣᠷᠣᠯᠴᠠᠭᠰᠠᠨ᠃
ᠡᠬᠢᠨ ᠦ ᠱᠠᠲᠤᠨ ᠳᠤ 20 ᠪᠠᠭ ᠥᠷᠢᠰᠦᠯᠳᠦᠵᠦ᠂ Zeus ᠲᠦᠷᠦᠭᠦᠯᠡᠵᠦ 7500 ᠳ᠋ᠣᠯᠯᠠᠷ ᠤᠨ ᠡᠵᠡᠨ ᠪᠣᠯᠤᠭᠰᠠᠨ ᠶᠤᠮ᠃ ᠬᠠᠷᠢᠨ ᠹᠢᠨᠠᠯ ᠤᠨ ᠱᠠᠲᠤᠨ ᠳᠤ 16 ᠪᠠᠭ ᠥᠷᠢᠰᠦᠯᠳᠦᠵᠦ᠂ DRS Gaming ᠪᠠᠭ 273 ᠣᠨᠣᠭ᠎ᠠ ᠪᠠᠷ ᠲᠦᠷᠦᠭᠦᠯᠡᠵᠦ᠂ Zeus ᠪᠠᠭ 271 ᠣᠨᠣᠭ᠎ᠠ ᠪᠠᠷ ᠳᠡᠳ᠋ ᠪᠠᠶᠢᠷᠢ ᠳᠤ ᠣᠷᠣᠯ᠎ᠠ᠃ ᠲᠡᠭᠦᠨᠴᠢᠯᠡᠨ ᠤᠭ ᠲᠡᠮᠡᠴᠡᠭᠡᠨ ᠦ MVP ᠲᠣᠭᠯᠠᠭᠴᠢ ᠪᠠᠷ Zeus ᠪᠠᠭ ᠤᠨ ᠪ ∙ ᠪᠢᠯᠢᠭᠦᠨ ᠲᠣᠳᠣᠷᠠᠵᠤ 1000 ᠳ᠋ᠣᠯᠯᠠᠷ ᠤᠨ ᠡᠵᠡᠨ ᠪᠣᠯᠪᠠ᠃

 

ᠰᠡᠳᠬᠢᠭᠳᠡᠯ ᠦᠯᠡᠳᠡᠭᠡᠬᠦ