ᠺᠦᠷᠡᠨ ᠰᠤᠳᠤᠷ ᠢ ᠬᠤᠶᠠᠳᠠᠬᠢ ᠤᠳᠠᠭ᠎ᠠ ᠮᠤᠩᠭᠤᠯ ᠢᠶᠠᠷ ᠣᠷᠴᠢᠭᠤᠯᠤᠨ ᠬᠡᠪᠯᠡᠭᠦᠯᠦᠯ᠎ᠡ  | News.MN

ᠺᠦᠷᠡᠨ ᠰᠤᠳᠤᠷ ᠢ ᠬᠤᠶᠠᠳᠠᠬᠢ ᠤᠳᠠᠭ᠎ᠠ ᠮᠤᠩᠭᠤᠯ ᠢᠶᠠᠷ ᠣᠷᠴᠢᠭᠤᠯᠤᠨ ᠬᠡᠪᠯᠡᠭᠦᠯᠦᠯ᠎ᠡ 

ᠪᠦᠭᠦᠳᠡ ᠨᠠᠶᠢᠷᠠᠮᠳᠠᠬᠤ ᠲᠦᠷᠺ ᠤᠯᠤᠰ ᠤᠨ ᠠᠨᠺᠠᠷᠠ ᠬᠤᠲᠠ ᠳᠤ ᠢᠰᠯᠠᠮ ᠱᠠᠰᠢᠨ ᠤ ᠬᠥᠯᠭᠡᠨ ᠰᠤᠳᠤᠷ ︽ᠺᠦᠷᠡᠨ︾ ᠢ ᠮᠣᠩᠭᠣᠯ ᠬᠡᠯᠡ ᠪᠡᠷ ᠬᠡᠪᠯᠡᠨ ᠭᠠᠷᠭᠠᠵᠠᠢ᠃  ᠰᠤᠳᠤᠷ ᠢ ᠵᠣᠬᠢᠶᠠᠯᠴᠢ ᠲ ∙ ᠰᠤᠯᠲᠠᠨ᠂ ᠠᠷᠠᠪ ᠬᠡᠯᠡ ᠰᠤᠳᠤᠯᠤᠭᠠᠴᠢ ᠮ∙ᠰᠠᠯᠢᠾ᠂ ᠢᠰᠯᠠᠮ ᠰᠤᠳᠤᠯᠤᠭᠠᠴᠢ ᠪ ∙ ᠪᠠᠲᠤᠳᠤᠭᠲᠤᠬᠤ ᠨᠠᠷ ᠣᠷᠴᠢᠭᠤᠯᠤᠭᠰᠠᠨ ᠪᠠᠶᠢᠨ᠎ᠠ᠃ ᠤᠭ ᠠᠵᠢᠯ ᠳᠤ ᠲᠦᠷᠺ ᠤᠨ ᠱᠠᠰᠢᠨ ᠤ ᠬᠡᠷᠡᠭ ᠡᠷᠬᠢᠯᠡᠬᠦ ᠭᠠᠵᠠᠷ ᠤᠨ ᠮᠣᠩᠭᠣᠯ ᠳ᠋ᠡᠬᠢ ᠲᠥᠯᠥᠭᠡᠯᠡᠭᠴᠢ ᠰᠠᠪᠷᠢ  ᠳ᠋ᠸᠮᠢᠷ ᠳᠡᠮᠵᠢᠯᠭᠡ ᠦᠵᠡᠭᠦᠯᠦᠭᠰᠡᠨ ᠪᠠᠶᠢᠨ᠎ᠠ᠃ ᠤᠯᠠᠮ ᠢᠶᠠᠷ ᠮᠣᠩᠭᠣᠯ ᠤᠨ ᠮᠥᠰᠯᠢᠮ ᠦᠨ ᠱᠠᠰᠢᠨ ᠤ ᠨᠡᠶᠢᠭᠡᠮᠯᠢᠭ ᠦᠳ ᠦᠨ ᠬᠣᠯᠪᠣᠭᠠᠨ ᠤ ᠬᠦᠰᠡᠯᠲᠡ ᠪᠡᠷ ᠲᠦᠷᠺ ᠤᠯᠤᠰ ᠲᠤ ᠳᠡᠯᠭᠡᠷᠡᠩᠭᠦᠢ ᠲᠠᠶᠢᠯᠪᠤᠷᠢ ᠲᠣᠯᠢ᠂ ᠯᠠᠪᠠᠯᠠᠬᠤ ᠪᠢᠴᠢᠭ ᠲᠡᠢ ᠪᠡᠷ 4 ᠮᠢᠩᠭᠠᠨ ᠰᠢᠷᠬᠡᠭ ᠬᠡᠪᠯᠡᠭᠦᠯᠦᠭᠰᠡᠨ ᠪᠥᠭᠡᠳ ᠬᠥᠯ ᠬᠣᠷᠢᠭᠠᠨ ᠤ ᠳᠠᠷᠠᠭ᠎ᠠ ᠤᠩᠰᠢᠭᠴᠢᠳ ᠲᠤ ᠬᠦᠷᠭᠡᠬᠦ ᠳᠦ ᠪᠡᠯᠡᠨ ᠪᠣᠯᠵᠠᠢ᠃
ᠺᠦᠷᠠᠨ ᠰᠤᠳᠤᠷ ᠢ ᠣᠷᠴᠢᠭᠤᠯᠤᠭᠴᠢ ᠴ∙ ᠭᠣᠮᠪᠣᠰᠦ᠋ᠷᠦᠩ 2000 ᠍ ᠊ᠭᠠᠳ ᠣᠨ ᠤ ᠦᠶ᠎ᠡ ᠳᠦ ᠠᠩᠬ᠎ᠠ ᠮᠣᠩᠭᠣᠯ ᠬᠡᠯᠡᠨ ᠳᠦ ᠬᠥᠷᠪᠡᠭᠦᠯᠵᠦ᠂ 2008 ᠣᠨ ᠳᠤ ᠲᠤᠬᠠᠢ ᠶᠢᠨ ᠦᠶ᠎ᠡ ᠶᠢᠨ ᠶᠡᠷᠦᠩᠬᠡᠶᠢᠯᠡᠭᠴᠢ ᠨ∙ ᠡᠩᠬᠡᠪᠠᠶᠠᠷ ᠤᠨ ᠰᠠᠨᠠᠭᠠᠴᠢᠯᠠᠭᠰᠠᠨ︽ᠳᠡᠯᠡᠬᠡᠢ ᠶᠢᠨ ᠤᠷᠠᠨ ᠵᠣᠬᠢᠶᠠᠯ ᠤᠨ 50 ᠰᠢᠯᠢᠳᠡᠭ ᠪᠦᠲᠦᠭᠡᠯ︾ ᠢ ᠮᠣᠩᠭᠣᠯ ᠬᠡᠯᠡ ᠪᠡᠷ ᠬᠡᠪᠯᠡᠨ ᠲᠦᠭᠡᠭᠡᠬᠦ ᠠᠵᠢᠯ ᠤᠨ ᠬᠦᠷᠢᠶᠡᠨ ᠳᠦ ᠴᠥᠭᠡᠨ ᠲᠣᠭ᠎ᠠ ᠪᠠᠷ ᠬᠡᠪᠯᠡᠭᠳᠡᠭᠰᠡᠨ ᠶᠤᠮ᠃

ᠰᠡᠳᠬᠢᠭᠳᠡᠯ ᠦᠯᠡᠳᠡᠭᠡᠬᠦ