ᠬᠦᠪᠰᠦᠭᠦᠯ ᠦᠨ ᠮᠦᠽᠧᠢ ᠶᠢᠨ ᠬᠢᠨ︽ᠪᠣᠰᠤᠭ᠎ᠠ ᠪᠢᠴᠢᠭᠲᠡᠨ︾ ᠪᠤᠯᠤᠨ᠎ᠠ | News.MN

 ᠬᠦᠪᠰᠦᠭᠦᠯ ᠦᠨ ᠮᠦᠽᠧᠢ ᠶᠢᠨ ᠬᠢᠨ︽ᠪᠣᠰᠤᠭ᠎ᠠ ᠪᠢᠴᠢᠭᠲᠡᠨ︾ ᠪᠤᠯᠤᠨ᠎ᠠ

ᠬᠥᠪᠰᠥᠭᠥᠯ ᠠᠶᠢᠮᠠᠭ ᠤᠨ ᠣᠷᠣᠨ ᠨᠤᠲᠤᠭ ᠰᠤᠳᠤᠯᠬᠤ ᠮᠦᠽᠧᠢ ᠶᠢᠨ ᠬᠠᠮᠲᠤ ᠣᠯᠠᠨ ᠡᠬᠡ ᠬᠡᠯᠡ ᠪᠡᠨ ᠳᠡᠭᠡᠳᠦᠯᠡᠨ ᠰᠤᠷᠤᠯᠴᠠᠵᠤ᠂ ᠪᠣᠰᠤᠭ᠎ᠠ ᠪᠢᠴᠢᠭᠲᠡᠨ ᠪᠣᠯᠬᠤ ᠵᠣᠷᠢᠯᠲᠠ ᠳᠡᠪᠰᠢᠭᠦᠯᠵᠡᠢ᠃  ᠲᠡᠳᠡ ᠮᠣᠩᠭᠣᠯ ᠪᠢᠴᠢᠭ ᠢ ᠲᠤᠰᠬᠠᠢ ᠴᠠᠭ ᠭᠠᠷᠭᠠᠨ ᠰᠤᠷᠤᠯᠴᠠᠵᠤ᠂ ᠮᠤᠨᠴᠠᠮᠸ  ᠠᠴᠠ ᠡᠷᠬᠢᠯᠡᠨ ᠭᠠᠷᠭᠠᠳᠠᠭ ︽ᠬᠥᠮᠥᠨ ᠪᠢᠴᠢᠭ︾ ᠰᠣᠨᠢᠨ ᠢ ᠵᠠᠬᠢᠶᠠᠯᠠᠨ ᠤᠩᠰᠢᠳᠠᠭ ᠪᠣᠯᠵᠠᠢ᠃

ᠮᠦᠽᠧᠢ ᠶᠢᠨ ᠬᠢᠨ ᠠᠶᠢᠮᠠᠭ ᠤᠨ ᠲᠠᠬᠢᠯᠭ᠎ᠠ ᠰᠢᠲᠦᠯᠭᠡᠲᠦ ᠭᠠᠵᠠᠷ ᠨᠤᠲᠤᠭ ᠍ ᠢ ᠪᠦᠷᠢᠳᠬᠡᠨ ᠪᠠᠷᠢᠮᠲᠠᠵᠢᠭᠤᠯᠬᠤ᠂ ︽ᠬᠥᠪᠰᠥᠭᠥᠯ ᠠᠶᠢᠮᠠᠭ ᠤᠨ ᠮᠦᠽᠧᠢ ᠶᠢᠨ ᠦᠵᠡᠮᠦᠷᠢ ᠶᠢᠨ ᠳᠡᠭᠡᠵᠢᠰ︾ᠨᠣᠮ ᠬᠡᠪᠯᠡᠭᠦᠯᠬᠦ ᠂ ︽ᠴᠠᠲᠠᠨ ︾ᠮᠦᠽᠧᠢ ᠪᠠᠶᠢᠭᠤᠯᠬᠤ᠂ ᠤᠭ ᠤᠨ ᠪᠢᠴᠢᠭ ᠬᠥᠲᠥᠯᠬᠦ ᠠᠵᠢᠯ ᠢ ᠡᠷᠴᠢᠮᠵᠢᠭᠦᠯᠬᠦ ᠵᠡᠷᠭᠡ ᠵᠣᠷᠢᠯᠲᠠ ᠶᠢ 2024 ᠣᠨ ᠬᠦᠷᠲᠡᠯ᠎ᠡ ᠬᠡᠷᠡᠭᠵᠢᠭᠦᠯᠦᠨ᠎ᠡ ᠭᠡᠳᠡᠭ ᠢ ᠵᠠᠬᠢᠷᠤᠯ ᠬ∙ᠷᠠᠭᠴᠠ ᠬᠡᠯᠡᠵᠦ ᠪᠠᠶᠢᠯ᠎ᠠ᠃ ᠲᠤᠰ ᠮᠦᠽᠧᠢ  4200 ᠭᠠᠷᠤᠢ ᠦᠵᠡᠮᠦᠷᠢ᠂ ᠡᠳ᠋ ᠥᠯᠥᠭ ᠦᠨ ᠵᠦᠢᠯ ᠲᠡᠢ᠂ ᠦᠵᠡᠭᠦᠯᠦᠯᠭᠡ ᠶᠢᠨ 3 ᠲᠠᠩᠬᠢᠮ ᠲᠠᠢ᠂ 12 ᠣᠷᠣᠨ ᠲᠣᠭ᠎ᠠ ᠲᠠᠢ ᠦᠢᠯᠡ ᠠᠵᠢᠯᠯᠠᠭ᠎ᠠ  ᠪᠠᠨ ᠶᠠᠪᠤᠭᠤᠯᠵᠤ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ