ᠴᠡᠷᠢᠭ ᠦᠳ ᠢᠶᠡᠨ ᠴᠠᠬᠢᠮ ᠢᠶᠠᠷ ᠠᠷᠤ ᠭᠡᠷ ᠲᠡᠢ ᠨᠢ ᠲᠤᠭᠲᠠᠮᠠᠯ ᠠᠭᠤᠯᠵᠠᠭᠤᠯᠳᠠᠭ  | News.MN

ᠴᠡᠷᠢᠭ ᠦᠳ ᠢᠶᠡᠨ ᠴᠠᠬᠢᠮ ᠢᠶᠠᠷ ᠠᠷᠤ ᠭᠡᠷ ᠲᠡᠢ ᠨᠢ ᠲᠤᠭᠲᠠᠮᠠᠯ ᠠᠭᠤᠯᠵᠠᠭᠤᠯᠳᠠᠭ 

ᠡᠮᠦᠨᠡᠭᠣᠪᠢ ᠠᠢᠮᠠᠭ ᠲᠤ ᠪᠠᠢᠷᠢᠯᠠᠬᠤ ᠬᠢᠯᠢ ᠶᠢᠨ 0131  ᠳ᠋ᠦ᠋ᠭᠡᠷ ᠠᠩᠭᠢ ︽ᠴᠠᠬᠢᠮ ᠡᠳᠦᠷᠯᠢᠭ︾ ᠵᠣᠬᠢᠶᠠᠨ ᠪᠠᠶᠢᠭᠤᠯᠵᠤ᠂  ᠬᠤᠭᠤᠴᠠᠭᠠᠲᠤ ᠴᠡᠷᠢᠭ ᠦᠨ ᠠᠯᠪᠠ ᠬᠠᠭᠠᠭᠴᠢᠳ ᠢᠶᠠᠨ ᠠᠷᠤ ᠭᠡᠷ ᠦᠨ ᠬᠢᠨ ᠲᠡᠢ ᠨᠢ ᠠᠭᠤᠯᠵᠠᠭᠤᠯᠤᠯ᠎ᠠ᠃ ᠡᠨᠡ ᠦᠶ᠎ᠡ ᠪᠡᠷ ᠠᠩᠬᠢ ᠶᠢᠨ ᠤᠳᠤᠷᠢᠳᠤᠯᠭ᠎ᠠ ᠡᠴᠢᠭᠡ᠂ ᠡᠬᠡᠴᠦᠳ ᠦᠨ ᠰᠣᠨᠢᠷᠬᠠᠭᠰᠠᠨ ᠠᠰᠠᠭᠤᠯᠲᠠ ᠳᠤ ᠬᠠᠷᠢᠭᠤᠯᠲᠠ ᠥᠭᠴᠦ᠂ ᠰᠠᠨᠠᠯ ᠬᠦᠰᠡᠯᠲᠡ ᠶᠢ ᠰᠣᠨᠣᠰᠤᠯ᠎ᠠ᠃

ᠤᠭ ᠠᠷᠭ᠎ᠠ ᠬᠡᠮᠵᠢᠶ᠎ᠡ ᠶᠢ ᠤᠯᠠᠷᠢᠯ ᠪᠦᠷᠢ ᠵᠣᠬᠢᠶᠠᠨ ᠪᠠᠶᠢᠭᠤᠯᠵᠤ ᠬᠡᠪᠰᠢᠭᠡᠳ ᠪᠠᠶᠢᠨ᠎ᠠ᠃ ᠬᠤᠭᠤᠴᠠᠭᠠᠲᠤ ᠴᠡᠷᠢᠭ ᠦᠨ ᠠᠯᠪᠠ ᠬᠠᠭᠠᠭᠴᠢᠳ ᠢ ᠠᠷᠤ ᠭᠡᠷ ᠲᠡᠢ ᠨᠢ ᠴᠠᠬᠢᠮ ᠢᠶᠠᠷ ᠤᠯᠠᠷᠢᠯ ᠪᠦᠷᠢ ᠠᠭᠤᠯᠵᠠᠭᠤᠯᠬᠤ ᠠᠴᠠ ᠭᠠᠳᠠᠨ᠎ᠠ ᠰᠠᠷ᠎ᠠ ᠪᠦᠷᠢ ᠤᠲᠠᠰᠤ ᠪᠠᠷ ᠶᠠᠷᠢᠭᠤᠯᠳᠠᠭ ᠠᠵᠡᠢ᠃ ᠲᠤᠰ ᠠᠩᠭᠢ ᠴᠡᠷᠢᠭ ᠦᠨ ᠠᠯᠪᠠ ᠬᠠᠭᠠᠭᠴᠢᠳ ᠤᠨ ᠰᠡᠳᠬᠢᠯ ᠵᠦᠢ ᠶᠢᠨ ᠪᠠᠶᠢᠳᠠᠯ ᠢ ᠲᠣᠭᠲᠠᠮᠠᠯ ᠰᠤᠳᠤᠯᠵᠤ ᠠᠵᠢᠯᠯᠠᠳᠠᠭ ᠪᠠᠶᠢᠨ᠎ᠠ᠃

ᠰᠡᠳᠬᠢᠭᠳᠡᠯ ᠦᠯᠡᠳᠡᠭᠡᠬᠦ