ᠵᠠᠰᠠᠭ ᠤᠨ ᠭᠠᠵᠠᠷ ᠲᠤ ᠵᠥᠪᠯᠡᠮᠵᠢ ᠬᠦᠷᠭᠡᠭᠦᠯᠪᠡ  | News.MN

ᠵᠠᠰᠠᠭ ᠤᠨ ᠭᠠᠵᠠᠷ ᠲᠤ ᠵᠥᠪᠯᠡᠮᠵᠢ ᠬᠦᠷᠭᠡᠭᠦᠯᠪᠡ 

 

ᠬᠦᠮᠦᠨ ᠦ ᠡᠷᠬᠡ ᠶᠢᠨ ᠦᠨᠳᠦᠰᠦᠨ ᠦ ᠺᠣᠮᠢᠰ ᠴᠠᠷ᠎ᠠ ᠲᠠᠬᠤᠯ ᠤᠨ ᠨᠥᠬᠥᠴᠡᠯ ᠪᠠᠶᠢᠳᠠᠯ ᠲᠠᠢ ᠤᠶᠠᠯᠳᠤᠭᠤᠯᠤᠨ ᠣᠶᠢᠷ᠎ᠠ ᠶᠢᠨ ᠪᠣᠯᠤᠨ ᠳᠤᠮᠳᠠ ᠬᠤᠭᠤᠴᠠᠭᠠᠨ ᠳᠤ ᠡᠷᠡᠰᠳᠡᠯ ᠢ ᠤᠷᠢᠳᠴᠢᠯᠠᠨ ᠲᠣᠭᠠᠴᠠᠭᠠᠯᠠᠵᠤ᠂ ᠡᠷᠡᠭᠦᠯ ᠮᠡᠨᠳᠦ ᠶᠢᠨ ᠰᠠᠯᠪᠤᠷᠢ ᠶᠢᠨ ᠬᠦᠮᠦᠨ ᠦ ᠨᠥᠭᠡᠴᠡ ᠶᠢ ᠪᠡᠬᠢᠵᠢᠭᠦᠯᠬᠦ᠂ ᠠᠵᠢᠯ ᠤᠨ ᠠᠴᠢᠶᠠᠯᠠᠯ ᠢ ᠲᠡᠩᠴᠡᠪᠦᠷᠢᠵᠢᠭᠦᠯᠬᠦ ᠵᠥᠪᠯᠡᠮᠵᠢ ᠶᠢ ᠵᠠᠰᠠᠭ ᠤᠨ ᠭᠠᠵᠠᠷ ᠲᠤ ᠬᠦᠷᠭᠡᠭᠦᠯᠵᠡᠢ᠃
ᠡᠨᠡ ᠰᠠᠷ᠎ᠠ ᠶᠢᠨ 13 ᠍ ᠳᠦ ᠬᠦᠷᠭᠡᠭᠦᠯᠦᠭᠰᠡᠨ ᠤᠭ ᠵᠥᠪᠯᠡᠮᠵᠢ ᠳᠦ ᠡᠷᠡᠭᠦᠯ ᠮᠡᠨᠳᠦ ᠶᠢᠨ ᠠᠵᠢᠯᠲᠠᠨ ᠤ ᠢᠯᠡᠭᠦᠦ ᠴᠠᠭ ᠤᠨ ᠤᠷᠮᠠᠰᠢᠭᠤᠯᠤᠯ᠂ ᠨᠡᠮᠡᠭᠳᠡᠯ᠂ ᠲᠡᠳᠬᠦᠮᠵᠢ᠂ ᠨᠥᠬᠥᠨ ᠣᠯᠭᠣᠪᠤᠷᠢ ᠶᠢ ᠬᠠᠤᠯᠢ ᠳᠤ ᠵᠢᠭᠠᠭᠰᠠᠨ ᠤ ᠳᠠᠭᠠᠤ ᠪᠦᠷᠢᠨ ᠣᠯᠭᠣᠬᠤ᠂ ᠬᠥᠳᠡᠯᠮᠦᠷᠢ ᠶᠢᠨ ᠠᠶᠠᠲᠠᠢ ᠨᠥᠬᠥᠴᠡᠯ ᠢᠶᠡᠷ ᠬᠠᠩᠭᠠᠬᠤ᠂ ᠬᠠᠯᠳᠠᠪᠤᠷᠢ ᠬᠠᠮᠠᠭᠠᠯᠠᠯ ᠤᠨ ᠬᠤᠪᠴᠠᠰᠤ᠂ ᠬᠡᠷᠡᠭᠰᠡᠯ᠂ ᠬᠦᠨᠡᠰᠦ᠂ ᠬᠣᠯᠪᠣᠭ᠎ᠠ ᠪᠣᠯᠤᠨ ᠪᠤᠰᠤᠳ ᠲᠧᠭᠨᠢᠭ ᠬᠡᠷᠡᠭᠰᠡᠯ ᠢᠶᠡᠷ ᠬᠠᠩᠭᠠᠬᠤ᠂ ᠳᠠᠭᠠᠳᠬᠠᠯ ᠳᠤ ᠬᠠᠮᠤᠷᠤᠭᠤᠯᠬᠤ ᠱᠠᠭᠠᠷᠳᠠᠯᠭ᠎ᠠ ᠲᠠᠢ ᠭᠡᠳᠡᠭ ᠢ ᠳᠤᠷᠠᠳᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ